ᠲᠠᠤᠯᠠᠢ -ᠫᠦᠷᠪᠦ ᠶ᠋ᠢᠨ ᠬᠣᠷᠯᠣᠠТуулай-Пүрвийн ХорлооТуулай-Пүрвийн Хорлоо
ᠲᠠᠤᠯᠠᠢ
ᠫᠦᠷᠪᠦ ᠶ᠋ᠢᠨ ᠬᠣᠷᠯᠣᠠ
ᠪᠥᠭᠡᠷᠡᠩᠬᠡᠢ ᠪᠣᠷᠣ ᠲᠠᠤᠯᠠᠢ ᠪᠢ
ᠪᠥᠭ ᠪᠥᠭ ᠱᠣᠭᠰᠢᠳᠠᠭ ᠪᠢ
ᠪᠦᠯᠲᠡᠭᠡᠷ ᠬᠠᠷ᠎ᠠ ᠨᠢᠳᠦᠨ ᠳ᠋ᠡᠭᠡᠨ
ᠪᠥᠭᠡᠮ ᠪᠥᠭᠡᠮ ᠨᠢᠯᠪᠤᠰᠤ ᠲᠠᠢ ᠪᠢ
ᠦᠨᠳᠦᠰᠦ ᠮᠡᠷᠡᠵᠦ ᠠᠮᠢᠳᠤᠷᠠᠳᠠᠭ ᠪᠢ
ᠡᠪᠦᠭᠡᠨ ᠪᠦᠷᠭᠦᠳ ᠡᠴᠡ ᠠᠶᠤᠳᠠᠭ ᠪᠢ
ᠬᠣᠷᠭᠣᠳᠠᠵᠤ ᠪᠤᠲᠠᠨ ᠳ᠋ᠠᠭᠠᠨ ᠬᠡᠪᠲᠡᠳᠡᠭ ᠪᠢ
ᠬᠤᠷᠠᠭᠠᠨ ᠤ᠋ ᠬᠡᠦᠬᠡᠳ ᠡᠴᠡ ᠵᠢᠭᠤᠲᠠᠳᠠᠭ ᠪᠢ
ᠲᠠᠯ᠎ᠠ ᠳᠤᠮᠳᠠ ᠪᠠᠨ ᠳᠠᠪᠬᠢᠳᠠᠭ ᠪᠢ
ᠲᠠᠢᠭᠠᠨ ᠬᠠᠯᠲᠠᠷ ᠠ᠋ᠴᠠ ᠠᠶᠤᠳᠠᠭ ᠪᠢ
ᠳᠡᠪᠬᠡᠷᠴᠦ ᠳᠡᠭᠳᠡᠵᠦ ᠶᠠᠪᠤᠳᠠᠭ ᠪᠢ
ᠳᠡᠯᠳᠡᠩ ᠬᠣᠶᠠᠷ ᠴᠢᠬᠢ ᠲᠡᠢ ᠪᠢ
ᠬᠠᠷᠠᠢᠵᠤ ᠴᠣᠪᠬᠣᠴᠢᠵᠤ ᠶᠠᠪᠤᠳᠠᠭ ᠪᠢ
ᠬᠠᠷᠠᠭᠰᠠᠨ ᠵᠦᠭ ᠲᠡᠭᠡᠨ ᠳᠡᠭᠳᠡᠳᠡᠭ ᠪᠢ
ᠬᠠᠷᠮᠠᠭ ᠬᠠᠷ᠎ᠠ ᠨᠢᠳᠦ ᠲᠡᠢ ᠪᠢ
ᠬᠠᠢᠷᠠᠯᠠᠵᠤ ᠬᠡᠨ ᠠᠪᠤᠷᠠᠬᠤ ᠪᠣᠢ?
1940 ᠣᠨ
ᠦᠰᠦᠭ ᠠᠮᠢᠯᠠᠭᠤᠯᠤᠭᠴᠢ᠄ ᠪᠠᠶᠠᠨᠴᠡᠴᠡᠭ
ᠬᠢᠨᠠᠭᠴᠢ ᠪᠠᠭᠰᠢ᠄ ᠣᠳᠬᠠᠨᠰᠣᠠ᠋
