ᠨᠠᠢᠷ ᠢ᠋ᠶ᠋ᠠᠷ ᠪᠠᠶᠠᠨ -ᠳ᠋ᠤ ·ᠡᠷᠳᠡᠨᠢᠸᠴᠢᠷНайраар баян-д ·Эрдэнүчир
ᠨᠠᠢᠷ ᠢ᠋ᠶ᠋ᠠᠷ ᠪᠠᠶᠠᠨ
— ᠳ᠋ᠤ · ᠡᠷᠳᠡᠨᠢᠸᠴᠢᠷ
ᠲᠣᠮᠣ ᠬᠥᠷᠥᠩᠭᠡᠲᠡᠨ ᠰᠢᠭ ᠨᠢᠭᠡᠨ ᠦᠨᠳᠦᠰᠦᠲᠡᠨ
ᠲᠣᠭᠣᠰᠣᠲᠤ ᠶᠢᠷᠲᠢᠨᠴᠦ ᠳ᠋ᠦ᠍ ᠨᠠᠢᠷ ᠢ᠋ᠶ᠋ᠠᠷ ᠪᠠᠶᠠᠨ
ᠲᠣᠷᠭᠠᠨ ᠵᠠᠰᠠᠯ ᠨᠢ ᠰᠣᠯᠣᠩᠭ᠎ᠠ ᠰᠢᠭ᠋ ᠮᠢᠷᠠᠯᠵᠠᠵᠤ
ᠲᠣᠪᠣᠷᠤᠤᠲᠤ ᠵᠣᠳᠣᠭ ᠨᠢ ᠬᠤᠶᠠᠭ ᠰᠢᠭ᠋ ᠭᠢᠯᠠᠯᠵᠠᠨ᠎ᠠ
ᠳᠥᠷᠪᠡᠨ ᠤᠯᠠᠷᠢᠯ ᠢ᠋ ᠨᠠᠢᠷ ᠢ᠋ᠶ᠋ᠠᠷ ᠡᠵᠡᠮᠳᠡᠬᠦ ᠨᠢ
ᠳᠡᠯᠡᠬᠡᠢ ᠳ᠋ᠦ᠍ ᠬᠣᠣᠰ ᠦᠭᠡᠢ ᠵᠢᠷᠭᠠᠯ ᠤ᠋ᠨ ᠡᠵᠡᠳ ᠰᠢᠭ
ᠳᠥᠷᠦᠭᠡᠨ ᠳᠠᠭᠤ ᠶ᠋ᠢ ᠤᠷᠤᠯᠳᠤᠭᠠᠨ ᠢ᠋ᠶ᠋ᠠᠷ ᠡᠯᠡᠭᠡᠬᠦ ᠨᠢ
ᠳᠡᠯ ᠲᠡᠢ ᠠᠳᠤᠭᠤᠰᠤ ᠶ᠋ᠢᠨ ᠡᠷᠯᠢᠭ ᠦ᠋ᠨ ᠡᠯᠴᠢ ᠰᠢᠭ
ᠭᠠᠩ ᠲᠠᠢ ᠵᠤᠨ ᠵᠤᠳ ᠲᠠᠢ ᠡᠪᠦᠯ
ᠭᠠᠭᠴᠠᠬᠠᠨ ᠠᠪᠢᠶᠠᠰ ᠢ᠋ᠶ᠋ᠠᠨ ᠨᠠᠢᠷ ᠢ᠋ᠶ᠋ᠠᠷ ᠭᠠᠢᠬᠠᠭᠤᠯᠵᠤ
ᠬᠠᠯᠴᠠᠭᠠᠢ ᠬᠠᠪᠤᠷ ᠬᠤᠷᠢᠶᠠᠯᠲᠠ ᠦᠭᠡᠢ ᠨᠠᠮᠤᠷ
ᠭᠠᠷ ᠲᠤ ᠪᠠᠨ ᠮᠥᠩᠭᠥ ᠦᠭᠡᠢ ᠴᠤ᠌ ᠨᠠᠢᠷ ᠢ᠋ᠶ᠋ᠠᠷ ᠭᠠᠩᠭᠠᠷᠠᠵᠤ
ᠬᠠᠷᠪᠤᠭᠠᠴᠢᠨ ᠤᠨᠤᠭᠠᠴᠢᠨ ᠪᠥᠬᠡᠴᠢᠨ ᠭᠤᠷᠪᠠ ᠨᠢ
ᠬᠠᠮᠤᠭ ᠮᠣᠩᠭᠣᠯ ᠤ᠋ᠨ ᠴᠢᠳᠠᠪᠤᠷᠢ ᠨᠢ ᠪᠣᠯᠤᠭᠠᠳ
ᠬᠠᠯᠠᠰᠠᠬᠤ ᠬᠦᠭᠰᠤᠬᠦ ᠳᠠᠭᠤᠯᠠᠬᠤ ᠵᠡᠷᠭᠡ ᠨᠢ
ᠬᠠᠮᠲᠤ ᠳ᠋ᠤ᠌ ᠦᠵᠡᠭᠦᠯᠬᠦ ᠡᠷᠳᠡᠮ ᠨᠢ ᠪᠣᠯᠤᠭᠠᠳ
ᠠᠽᠢᠶ᠎ᠠ ᠶ᠋ᠢᠨ ᠬᠥᠷᠥᠰᠥᠨ ᠳ᠋ᠡᠬᠢ ᠠᠯᠳᠠᠷᠲᠤ ᠦᠨᠳᠦᠰᠦᠲᠡᠨ
ᠠᠶᠠᠨᠳᠠᠭᠠᠨ ᠢᠩᠭᠢᠵᠦ ᠨᠠᠢᠷ ᠢ᠋ᠶ᠋ᠠᠷ ᠮᠤᠩᠬᠠᠭᠤᠷᠠᠵᠤ
ᠠᠭᠤᠤ ᠴᠢᠩᠭᠢᠰ ᠦ᠋ᠨ ᠠᠯᠳᠠᠷ ᠬᠦᠨᠳᠦ ᠶ᠋ᠢ
ᠠᠮᠠᠨ ᠤᠩᠰᠢᠯᠭ᠎ᠠ ᠰᠢᠭ᠋ ᠬᠠᠶᠠ ᠨᠢᠭᠡ ᠳᠦᠳᠦᠨᠡᠭᠡᠳ
ᠤᠨᠠᠵᠤ ᠪᠦᠳᠦᠷᠢᠭᠰᠡᠨ ᠲᠡᠦᠬᠡᠨ ᠶᠠᠪᠤᠴᠠ ᠪᠠᠨ
ᠣᠵᠣᠭᠣᠷ ᠤ᠋ᠨ ᠠᠷᠤ ᠳ᠋ᠤ᠌ ᠪᠠᠨ ᠣᠷᠬᠢᠵᠤ ᠬᠠᠶᠠᠭᠠᠳ
ᠤᠯᠠᠭᠠᠨ ᠲᠣᠭᠣᠰᠣᠲᠤ ᠶᠢᠷᠲᠢᠨᠴᠦ ᠶ᠋ᠢᠨ ᠵᠠᠢ ᠳ᠋ᠤ᠌
ᠣᠮᠣᠭᠣᠯᠠᠩ ᠥᠯᠥᠰᠬᠦᠯᠡᠩ ᠨᠠᠢᠷ ᠢ᠋ᠶ᠋ᠠᠷ ᠪᠠᠶᠠᠨ
ᠨᠠᠢᠷ ᠨᠠᠭᠠᠳᠤᠮ ᠬᠡᠳᠦᠢ ᠬᠢᠭᠰᠡᠨ ᠴᠦ᠍
ᠨᠠᠢ᠍ᠮᠠᠨ ᠵᠠᠭᠤᠨ ᠵᠢᠯ ᠢ᠋ ᠬᠡᠷᠬᠢᠨ ᠪᠤᠴᠠᠭᠠᠨ᠎ᠠ
ᠨᠠᠩᠭᠢᠶᠠᠳ ᠣᠷᠣᠨ ᠳ᠋ᠤ᠌ ᠲᠠᠷᠢᠬᠢ ᠪᠠᠨ ᠤᠬᠢᠶᠠᠯᠭᠠᠭᠠᠳ
ᠨᠣᠢᠷ ᠠ᠋ᠴᠠ ᠪᠠᠨ ᠬᠡᠵᠢᠶ᠎ᠡ ᠰᠡᠷᠢᠳᠡᠭ ᠶᠦᠮ ᠪᠣᠯ
ᠬᠣᠭᠣᠰᠣᠨ《ᠷᠣᠮᠠᠨᠲ᠋ᠢᠭ》 ᠢ᠋ᠶ᠋ᠠᠷ ᠬᠥᠭᠡᠷᠦᠯᠳᠦᠭᠡᠳ
ᠬᠣᠵᠢᠮ ᠤ᠋ᠨ ᠦᠢᠯᠡᠰ ᠢ᠋ᠶ᠋ᠡᠨ ᠶᠠᠭᠠᠬᠢᠵᠤ ᠪᠣᠰᠬᠠᠨ᠎ᠠ
ᠬᠣᠵᠢᠭᠤ ᠦᠶ᠎ᠡ ᠶ᠋ᠢᠨ ᠬᠥᠮᠦᠰ ᠲᠦ᠍ ᠪᠡᠨ
ᠬᠥᠷᠥᠩᠭᠡ ᠰᠣᠶᠣᠯ ᠭᠡᠵᠦ ᠶᠠᠭᠤ ᠪᠠᠨ ᠥᠭᠭᠦᠨ᠎ᠡ
ᠨᠢᠰᠴᠦ ᠪᠠᠢᠭ᠎ᠠ ᠰᠢᠪᠠᠭᠤᠳ ᠤ᠋ᠨ ᠰᠡᠭᠦᠳᠡᠷ ᠲᠦ᠍
ᠨᠢᠭᠡᠨ ᠦᠨᠳᠦᠰᠦᠲᠡᠨ ᠨᠠᠢᠷ ᠢ᠋ᠶ᠋ᠠᠷ ᠪᠠᠶᠠᠨ ᠠ᠋᠁
ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ
ᠬᠢᠨᠠᠯᠲᠠ᠄ ᠵᠠᠷᠮᠤᠳ ᠥᠯᠵᠡᠢ
