ᠠᠮᠢᠨ ᠨᠤᠲᠤᠭАмин нутагAmin nutag-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠨ ᠨᠤᠲᠤᠭАмин нутагAmin nutag-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠮᠢᠨ ᠨᠤᠲᠤᠭАмин нутагAmin nutag-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-08-19

520

ᠠᠮᠢᠨ ᠨᠤᠲᠤᠭ

   
         ᠳᠠᠳᠮ᠎ᠠ᠂ ᠲᠡᠭᠷᠢᠬᠦᠦ    

 ᠠᠯᠠᠭ ᠬᠣᠷᠸ᠎ᠠ ᠶ᠋ᠢ ᠠᠶᠠᠯᠠᠨ ᠲᠤᠭᠤᠯᠤᠭᠰᠠᠨ  
 ᠠᠮᠢᠨ ᠨᠤᠲᠤᠭ ᠮᠢᠨᠢ ᠠᠷᠭ᠎ᠠ ᠦᠭᠡᠢ ᠰᠠᠢᠬᠠᠨ  
 ᠠᠶᠠᠯᠭᠤ ᠡᠭᠡᠰᠢᠭ ᠢ᠋ ᠨᠢ ᠤᠶᠠᠷᠠᠨ ᠰᠣᠨᠣᠰᠤᠯ᠎ᠠ ᠴᠤ᠌  
 ᠠᠷᠠᠳ ᠤ᠋ᠨ ᠳᠠᠭᠤᠨ ᠳ᠋ᠠᠭᠠᠨ ᠰᠡᠳᠬᠢᠯ ᠰᠣᠭᠲᠣᠬᠤ ᠶᠤᠮ   
    ᠠᠪᠤ ᠶ᠋ᠢᠨ ᠬᠠᠢᠷᠠᠲᠠᠢ ᠨᠤᠲᠤᠭ ᠢ᠋ᠶ᠋ᠠᠨ ᠰᠠᠨᠠᠬᠤ ᠪᠠᠷ ᠢ᠋ᠶ᠋ᠠᠨ  
    ᠠᠷᠭᠤᠮᠠᠭ ᠬᠦᠯᠦᠭ ᠰᠢᠭ ᠳᠡᠭᠦᠯᠢᠨ ᠬᠦᠷᠦᠮᠡᠷ ᠪᠠᠢᠨ᠎ᠠ  
    ᠠᠯᠤᠰ ᠤ᠋ᠨ ᠭᠠᠵᠠᠷ ᠬᠣᠯᠠ ᠬᠠᠮᠢᠭ᠎ᠠ ᠴᠤ᠌ ᠶᠠᠪᠤᠭᠰᠠᠨ ᠴᠤ᠌ 
    ᠠᠮᠢᠨ ᠬᠠᠢᠷ᠎ᠠ ᠠ᠋ᠴᠠ ᠮᠢᠨᠢ ᠤᠶᠠᠭ᠎ᠠ ᠲᠠᠢ ᠨᠤᠲᠤᠭ ᠮᠢᠨᠢ᠃  
 ᠡᠷᠭᠢᠬᠦ ᠳᠡᠯᠡᠬᠡᠢ ᠶ᠋ᠢ ᠦᠵᠡᠨ ᠪᠢᠰᠢᠷᠡᠯ᠎ᠡ ᠴᠦ᠍   
 ᠢᠰᠡᠭᠡᠢ ᠭᠡᠷ ᠮᠢᠨᠢ ᠦᠨᠡᠬᠡᠷ ᠳᠤᠯᠠᠭᠠᠬᠠᠨ   
 ᠢᠳᠡᠭᠡᠨ ᠦ᠌ ᠳᠡᠭᠡᠵᠢ ᠰᠠᠷᠬᠤᠳ ᠢ᠋ ᠠᠮᠰᠠᠯ᠎ᠠ ᠴᠤ᠌  
 ᠢᠰᠦᠭᠰᠡᠨ ᠠᠢᠷᠠᠭ ᠢ᠋ ᠨᠢ ᠦᠨᠡᠬᠡᠷ ᠰᠠᠨᠠᠬᠤ ᠶᠤᠮ   
    ᠡᠵᠢ ᠶ᠋ᠢᠨ ᠬᠠᠢᠷᠠᠲᠠᠢ ᠨᠤᠲᠤᠭ ᠢ᠋ᠶ᠋ᠠᠨ ᠰᠠᠨᠠᠬᠤ ᠪᠠᠷ ᠢ᠋ᠶ᠋ᠠᠨ  
    ᠵᠢᠭᠦᠷᠲᠡᠨ ᠰᠢᠪᠠᠭᠤ ᠰᠢᠭ᠋ ᠨᠢᠰᠦᠨ ᠬᠦᠷᠦᠮᠡᠷ ᠪᠠᠢᠨ᠎ᠠ 
    ᠡᠨᠡᠬᠡᠨ ᠽᠠᠮᠪᠤᠯᠢᠩ ᠳ᠋ᠤ᠌ ᠬᠠᠮᠢᠭ᠎ᠠ ᠴᠤ᠌ ᠶᠠᠪᠤᠭᠰᠠᠨ ᠴᠤ᠌  
    ᠡᠯᠢᠭᠡ ᠵᠢᠷᠦᠬᠡᠨ ᠡᠴᠡ ᠤᠶᠠᠭ᠎ᠠ ᠲᠠᠢ ᠨᠤᠲᠤᠭ ᠮᠢᠨᠢ᠃   
 
    ᠠᠪᠤ ᠶ᠋ᠢᠨ ᠬᠠᠢᠷᠠᠲᠠᠢ ᠨᠤᠲᠤᠭ ᠢ᠋ᠶ᠋ᠠᠨ ᠰᠠᠨᠠᠬᠤ ᠪᠠᠷ ᠢ᠋ᠶ᠋ᠠᠨ   
    ᠠᠷᠭᠤᠮᠠᠭ ᠬᠦᠯᠦᠭ ᠰᠢᠭ ᠳᠡᠭᠦᠯᠢᠨ ᠬᠦᠷᠦᠮᠡᠷ ᠪᠠᠢᠨ᠎ᠠ   
    ᠠᠯᠤᠰ ᠤ᠋ᠨ ᠭᠠᠵᠠᠷ ᠬᠣᠯᠠ ᠬᠠᠮᠢᠭ᠎ᠠ ᠴᠤ᠌ ᠶᠠᠪᠤᠭᠰᠠᠨ ᠴᠤ᠌  
    ᠠᠮᠢᠨ ᠬᠠᠢᠷ᠎ᠠ ᠠ᠋ᠴᠠ ᠮᠢᠨᠢ ᠤᠶᠠᠭ᠎ᠠ ᠲᠠᠢ ᠨᠤᠲᠤᠭ ᠮᠢᠨᠢ  
    ᠡᠵᠢ ᠶ᠋ᠢᠨ ᠬᠠᠢᠷᠠᠲᠠᠢ ᠨᠤᠲᠤᠭ ᠢ᠋ᠶ᠋ᠠᠨ ᠰᠠᠨᠠᠬᠤ ᠪᠠᠷ ᠢ᠋ᠶ᠋ᠠᠨ  
    ᠵᠢᠭᠦᠷᠲᠡᠨ ᠰᠢᠪᠠᠭᠤ ᠰᠢᠭ᠋ ᠨᠢᠰᠦᠨ ᠬᠦᠷᠦᠮᠡᠷ ᠪᠠᠢᠨ᠎ᠠ  
    ᠡᠨᠡᠬᠡᠨ ᠽᠠᠮᠪᠤᠯᠢᠩ ᠳ᠋ᠤ᠌ ᠬᠠᠮᠢᠭ᠎ᠠ ᠴᠤ᠌ ᠶᠠᠪᠤᠭᠰᠠᠨ ᠴᠤ᠌  
    ᠡᠯᠢᠭᠡ ᠵᠢᠷᠦᠬᠡᠨ ᠡᠴᠡ ᠮᠢᠨᠢ ᠤᠶᠠᠭ᠎ᠠ ᠲᠠᠢ ᠨᠤᠲᠤᠭ ᠮᠢᠨᠢ  
    ᠡᠯᠢᠭᠡ ᠵᠢᠷᠦᠬᠡᠨ ᠡᠴᠡ ᠮᠢᠨᠢ ᠤᠶᠠᠭ᠎ᠠ ᠲᠠᠢ ᠨᠤᠲᠤᠭ ᠮᠢᠨᠢ   

       ᠮᠠᠨᠳᠤᠬᠤ ᠪᠠᠭᠰᠢ ᠤᠷᠠᠯᠠᠨ ᠪᠢᠴᠢᠵᠦ  
          ᠰᠠᠷᠠᠨᠲᠤᠶᠠᠭ᠎ᠠ ᠦᠰᠦᠭ ᠢ᠋ ᠠᠮᠢᠯᠠᠭᠤᠯᠪᠠ᠂ 
           ᠬᠢᠨᠠᠭᠴᠢ᠄ ᠲᠤᠶᠠᠭ᠎ᠠ᠂ ᠲᠦᠮᠡᠨᠴᠡᠴᠡᠭ 
           ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ