ᠡᠷᠭᠢᠨ ᠬᠣᠷᠭᠣᠳᠠᠬᠤ ᠬᠣᠷᠸ᠎ᠠ – ᠶᠣᠨᠳᠣᠨ ᠤ ᠪᠢᠯᠢᠭ᠌ - ᠪᠠᠭᠠᠲᠤᠷ Эргэн хоргодох хорвоо – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠭᠢᠨ ᠬᠣᠷᠭᠣᠳᠠᠬᠤ ᠬᠣᠷᠸ᠎ᠠ – ᠶᠣᠨᠳᠣᠨ ᠤ ᠪᠢᠯᠢᠭ᠌ - ᠪᠠᠭᠠᠲᠤᠷ Эргэн хоргодох хорвоо – Ёндоны Билиг - Баатар

ᠡᠷᠭᠢᠨ ᠬᠣᠷᠭᠣᠳᠠᠬᠤ ᠬᠣᠷᠸ᠎ᠠ – ᠶᠣᠨᠳᠣᠨ ᠤ ᠪᠢᠯᠢᠭ᠌ - ᠪᠠᠭᠠᠲᠤᠷ Эргэн хоргодох хорвоо – Ёндоны Билиг - Баатар

2024-08-19

326

ᠡᠷᠭᠢᠨ ᠬᠣᠷᠭᠣᠳᠠᠬᠤ ᠬᠣᠷᠸ᠎ᠠ


 ᠡᠴᠦᠨᠡᠨ ᠲᠡᠴᠦᠨᠡᠨ ᠰᠠᠶ᠎ᠠ ᠵᠢᠸ᠎ᠠ ᠵᠢᠯ ᠢ᠋ᠶ᠋ᠡᠷ 
 ᠡᠪᠦᠭᠡᠳ ᠪᠤᠭᠤᠷᠤᠯ ᠤ᠋ᠳ ᠢ᠋ ᠮᠢᠨᠢ  
 ᠡᠷᠬᠡᠯᠡᠭᠦᠯᠦᠩᠬᠡᠨ ᠠᠷᠭᠠᠳᠠᠩᠬᠠᠨ ᠪᠦᠪᠡᠢᠯᠡᠭᠰᠡᠨ 
 ᠡᠩᠬᠡ ᠶ᠋ᠢ ᠮᠠᠨᠠᠭᠰᠠᠨ ᠠᠪᠤ ᠡᠵᠢ ᠶ᠋ᠢ ᠮᠢᠨᠢ 
 ᠡᠷᠬᠡ ᠴᠢᠯᠥᠭᠡᠨ ᠦ᠌ ᠥᠯᠥᠭᠡᠢ ᠳ᠋ᠦ᠍ ᠲᠡᠪᠡᠷᠢᠨ 
 ᠡᠯᠳᠡᠪ ᠦ᠋ᠨ ᠭᠡᠨᠡᠲᠡᠢ ᠤᠬᠠᠭᠠᠯᠢᠭ 
 ᠡᠨᠡᠬᠡᠨ ᠵᠢᠩᠭᠠᠷ ᠵᠠᠩᠭᠠᠷ ᠬᠣᠷᠸ᠎ᠠ ᠳ᠋ᠠᠭᠠᠨ  
 ᠡᠷᠭᠢᠨ ᠬᠣᠷᠭᠣᠳᠠᠬᠤ ᠦᠭᠡᠢ ᠶᠠᠭᠠᠬᠢᠬᠤᠪ ᠳᠧ 
 ᠡᠯᠢᠶ᠎ᠡ ᠬᠡᠷᠢᠶ᠎ᠡ ᠵᠠᠷᠠᠭ᠎ᠠ ᠨᠢ ᠴᠦ᠍ ᠭᠡᠰᠡᠨ 
 ᠡᠩ ᠦᠭᠡᠢ ᠰᠠᠢᠬᠠᠨ ᠬᠠᠷᠠᠭᠳᠠᠬᠤ ᠶᠤᠮ ᠴᠢᠨᠢ 
 ᠡᠷᠪᠡᠬᠡᠢ ᠠᠭᠠᠯᠵᠢ ᠬᠣᠷᠣᠬᠠᠢ ᠨᠢ ᠴᠦ᠍ ᠭᠡᠰᠡᠨ 
 ᠡᠯᠢᠭᠡᠨ ᠡᠴᠡ ᠲᠠᠩᠳᠠ ᠤᠶᠠᠭᠠᠲᠠᠢ ᠶᠤᠮ ᠰᠢᠦ 
 ᠦᠷ᠎ᠡ ᠬᠣᠢᠴᠢᠰ ᠮᠢᠨᠢ ᠤᠷᠭᠤᠭ᠎ᠠ ᠪᠣᠯᠬᠣᠷ 
 ᠥᠷᠥᠴᠡᠨ ᠡᠴᠡ ᠪᠡᠨ ᠬᠣᠷᠭᠣᠳᠠᠯᠭᠤᠢ ᠳᠠ 
 ᠦᠨᠡᠨ ᠵᠥᠪ ᠲᠥᠪ ᠠᠮᠢᠳᠤᠷᠠᠯ ᠠ᠋ᠴᠠ 
 ᠦᠨᠡᠨᠳᠡᠭᠡᠨ ᠡᠨᠡᠭᠦᠬᠡᠨ ᠢ᠋ ᠰᠠᠶᠢ ᠣᠢᠯᠠᠭᠠᠨᠠᠮ 
 ᠡᠷᠲᠡ ᠤᠬᠠᠭᠠᠷᠠᠬᠤ ᠮᠢᠨᠢ ᠶᠠᠭᠠᠬᠢᠯ᠎ᠠ ᠳᠠ 
 ᠨᠠᠷᠠᠨ ᠮᠢᠨᠢ!!!  
 ᠡᠳᠦᠢᠬᠡᠨ ᠢ᠋ ᠴᠦ᠍ ᠮᠡᠳᠡᠭᠦᠯᠦᠭᠰᠡᠨ ᠳ᠋ᠦ᠍ ᠲᠠᠨᠢ 
 ᠤᠴᠢᠷ ᠦᠭᠡᠢ ᠮᠤᠨᠳᠠᠭ ᠶᠡᠬᠡ ᠲᠠᠯᠠᠷᠬᠠᠯ᠎ᠠ 
 ᠰᠠᠷᠠᠨ ᠮᠢᠨᠢ!!! 
 ᠣᠷᠣᠢᠲᠠᠭᠰᠠᠨ ᠴᠦ᠍ ᠤᠬᠠᠭᠠᠷᠠᠭᠤᠯᠤᠭᠰᠠᠨ ᠳ᠋ᠤ᠌ 
 ᠣᠨᠴᠠᠭᠠᠢ ᠪᠠᠶᠠᠰᠤᠩᠭᠤᠢ ᠪᠠᠢᠭ᠎ᠠ ᠰᠢᠦ ᠳᠡ 
 ᠣᠳᠣᠨ ᠮᠢᠨᠢ!!! 
 ᠣᠳᠣᠬᠠᠨ ᠵᠠᠯᠭᠠᠭᠠᠳ ᠭᠡᠭᠡᠷᠡᠯᠭᠦᠢ ᠳᠧ 
 ᠮᠥᠩᠬᠡ ᠲᠡᠭᠷᠢ ᠮᠢᠨᠢ!!! 

        2024᠂ 08᠂ 17᠃12:39᠃  ᠮᠢᠨᠦ᠋ᠲ

             ᠤᠮᠠᠷᠠᠲᠤ ᠬᠢᠵᠠᠭᠠᠷ ᠤ᠋ᠨ ᠵᠠᠯᠠᠭᠤ ᠵᠢᠷᠦᠬᠡ ¥ 
         ᠲᠠᠯ᠎ᠠ ᠨᠤᠲᠤᠭ ᠤ᠋ᠨ ᠭᠡᠷᠡᠯᠲᠦ ᠰᠤᠪᠤᠭ ᠬᠡᠮᠡᠬᠦᠢ 
         ᠰᠢᠯᠢ ᠶ᠋ᠢᠨ ᠬᠣᠲᠠᠨ᠎ᠠ ᠡᠷᠬᠢᠮ ᠠᠨᠳᠠ ᠶ᠋ᠢᠨ 
        《ᠵᠢᠷᠭᠤᠭᠠᠨ ᠰᠠᠢᠨ》※ ᠳ᠋ᠤᠷ ᠬᠢᠴᠢᠶᠡᠩᠭᠦᠢ 
         ᠭᠢᠯᠠᠰ ᠪᠦᠲᠦᠭᠡᠪᠡ᠃  

      ※ ᠰᠢᠯᠢ ᠶ᠋ᠢᠨ ᠬᠣᠲᠠ ᠶ᠋ᠢᠨ ᠠᠯᠳᠠᠷᠲᠤ 
          ᠵᠢᠷᠭᠤᠭᠠᠨ ᠰᠠᠢᠨ ᠡᠮᠨᠡᠯᠭᠡ ᠶ᠋ᠢᠨ ᠬᠣᠷᠢᠶ᠎ᠠ