ᠬᠡᠴᠡᠭᠦᠦ ᠶᠢᠨ ᠲᠦᠢᠯ – ᠶᠣᠨᠳᠣᠨ ᠤ ᠪᠢᠯᠢᠭ᠌ - ᠪᠠᠭᠠᠲᠤᠷ Хэцүүгийн дүйл – Ёндоны Билиг - Баатар
ᠬᠡᠴᠡᠭᠦᠦ ᠶᠢᠨ ᠲᠦᠢᠯ
ᠶᠠᠭᠤ ᠴᠦ᠍ ᠶᠠᠭ ᠮᠡᠳᠡᠬᠦ ᠦᠭᠡᠢ ᠠᠰᠤᠷᠤ ᠬᠢᠯᠪᠠᠷ
ᠳᠤᠮᠳᠠᠭᠤᠷ ᠲᠦᠭᠦᠬᠡᠢ ᠮᠡᠳᠡᠬᠦ ᠯᠡ
ᠲᠤᠢᠯ ᠤ᠋ᠨ ᠠᠶᠤᠮᠰᠢᠭ᠌ᠲᠠᠢ ᠬᠡᠴᠡᠭᠦᠦ
᠁ ᠲᠡᠭᠷᠢ ᠨᠤᠷᠠᠬᠤ ᠠ᠋ᠴᠠ ᠠᠶᠤᠬᠤ ᠦᠭᠡᠢ
ᠲᠡᠨᠡᠭ ᠬᠥᠮᠦᠨ ᠡᠴᠡ ᠯᠡ ᠠᠶᠤᠨ᠎ᠠ ᠁
᠁ ᠲᠡᠨᠡᠭ ᠬᠥᠮᠦᠨ ᠲᠡᠢ ᠁ ᠁
ᠲᠡᠮᠡᠴᠡᠵᠦ ᠪᠢᠲᠡᠭᠡᠢ ᠮᠠᠷᠭᠤ !!! ᠁
ᠳᠡᠩᠳᠡᠭᠦᠦ ᠳᠡᠩᠳᠡᠭᠦᠦ ᠮᠡᠷᠭᠡᠨ
ᠳᠡᠭᠡᠳᠦᠰ ᠦ᠋ᠨ ᠮᠢᠨᠢ ᠰᠤᠷᠭᠠᠯ ᠠᠭᠤᠤ!!!
ᠬᠥᠷᠥᠰᠢ ᠦᠭᠡᠢ ᠭᠦᠢᠴᠡᠳ ᠲᠤᠢᠯᠪᠤᠷᠢᠲᠠᠢ
ᠭᠦᠨᠵᠡᠭᠡᠢ ᠪᠢᠯᠢᠭᠲᠦ ᠡᠪᠦᠭᠡᠳ ᠦ᠋ᠨ ᠢ᠋ᠶ᠋ᠡᠨ
ᠬᠥᠯ ᠦᠭᠡᠢ ᠤᠰᠤᠨ ᠮᠡᠲᠦ
ᠭᠦᠨ ᠤᠬᠠᠭᠠᠨ ᠤ᠋ ᠴᠡᠭᠡᠯ ᠢ᠋
ᠬᠥᠲᠥᠯᠦᠭᠡ ᠮᠣᠷᠢᠲᠠᠢ ᠴᠦ᠍ ᠪᠢ
ᠭᠡᠲᠦᠯᠵᠦ ᠬᠡᠵᠢᠶ᠎ᠡ ᠲᠤᠭᠤᠯᠬᠤ ᠶᠤᠮ ᠪᠣᠢ ᠳᠠ
ᠬᠥᠭᠡᠷᠦᠬᠦᠢ ᠮᠤᠩᠬᠠᠭ ᠠᠮᠢᠳᠤᠷᠠᠭ᠎ᠠ ᠳ᠋ᠠᠭᠠᠨ
ᠬᠡᠮᠵᠢᠶᠡᠯᠡᠰᠢ ᠦᠭᠡᠢ ᠳᠠᠭᠤ ᠠᠯᠳᠠᠨᠠᠮ ᠠ᠋ ᠪᠢ
ᠮᠤᠩᠬᠠᠭ ᠬᠠᠷᠠᠩᠭᠤᠢ ᠶ᠋ᠢᠨ ᠴᠦᠯ ᠢ᠋
ᠮᠣᠩᠭᠣᠯᠴᠤᠳ ᠠᠯᠢ ᠭᠠᠯᠪᠠ ᠳ᠋ᠤ᠌ ᠁
ᠠᠯᠢ ᠴᠦ᠍ ᠦᠨᠳᠦᠰᠦᠲᠡᠨ ᠡᠴᠡ ᠤᠷᠢᠳᠠᠪᠡᠷ
ᠠᠯᠠᠪᠬᠢᠨ ᠭᠠᠲᠤᠯᠤᠭᠠᠳ
ᠲᠡᠷᠲᠡᠭᠡ ᠭᠠᠢᠬᠠᠮᠰᠢᠭᠲᠤ ᠡᠷᠭᠢ ᠳ᠋ᠦ᠍
ᠠᠮᠠᠭᠠᠢ ᠬᠠᠵᠠᠭᠠᠷ ᠲᠠᠲᠠᠩᠬᠠᠨ
ᠠᠭᠲᠠ ᠮᠣᠷᠢᠳ ᠢ᠋ᠶ᠋ᠠᠨ ᠰᠤᠯᠠᠯᠠᠬᠤ ᠶᠤᠮ ᠪᠣᠢ
᠁ ᠁
᠁ ᠪᠢ ᠯᠡ ᠬᠠᠷᠠᠬᠠᠨ ᠁
ᠦᠯᠦ ᠮᠡᠳᠡᠵᠡᠨᠡᠮ ᠠ᠋
2024᠂ 08᠂15᠃ 14᠄ 29᠃ ᠮᠢᠨᠦ᠋ᠲ᠃
ᠤᠮᠠᠷᠠᠲᠤ ᠬᠢᠵᠠᠭᠠᠷ ᠤ᠋ᠨ ᠵᠠᠯᠠᠭᠤ ᠵᠢᠷᠦᠬᠡ ¥
ᠲᠠᠯ᠎ᠠ ᠨᠤᠲᠤᠭ ᠤ᠋ᠨ ᠭᠡᠷᠡᠯᠲᠦ ᠰᠤᠪᠤᠭ ᠬᠡᠮᠡᠬᠦᠢ
ᠰᠢᠯᠢ ᠶ᠋ᠢᠨ ᠬᠣᠲᠠᠨ᠎ᠠ ᠡᠷᠬᠢᠮ ᠠᠨᠳᠠ ᠶ᠋ᠢᠨ
《ᠵᠢᠷᠭᠤᠭᠠᠨ ᠰᠠᠢᠨ》※ ᠳ᠋ᠤᠷ ᠬᠢᠴᠢᠶᠡᠩᠭᠦᠢ
ᠭᠢᠯᠠᠰ ᠪᠦᠲᠦᠭᠡᠪᠡ᠃
※ ᠰᠢᠯᠢ ᠶ᠋ᠢᠨ ᠬᠣᠲᠠ ᠶ᠋ᠢᠨ ᠠᠯᠳᠠᠷᠲᠤ
ᠵᠢᠷᠭᠤᠭᠠᠨ ᠰᠠᠢᠨ ᠡᠮᠨᠡᠯᠭᠡ ᠶ᠋ᠢᠨ ᠬᠣᠷᠢᠶ᠎ᠠ
