ᠤᠰᠤᠨ ᠤ ᠤᠬᠠᠭᠠᠷᠠᠯ ᠭᠡᠭᠡᠷᠡᠯ – ᠶᠣᠨᠳᠣᠨ ᠤ ᠪᠢᠯᠢᠭ᠌ - ᠪᠠᠭᠠᠲᠤᠷ Усны ухаарал гэгээрэл – Ёндоны Билиг - Баатар
ᠤᠰᠤᠨ ᠤ ᠤᠬᠠᠭᠠᠷᠠᠯ ᠭᠡᠭᠡᠷᠡᠯ
ᠮᠥᠰᠥ ᠪᠣᠯᠤᠮᠤᠢ
ᠤᠰᠤ ᠠᠨᠤ ᠭᠠᠵᠠᠷ ᠢ᠋ ᠬᠤᠴᠢᠭᠠᠳ ᠪᠡᠯᠴᠢᠪᠡᠰᠦ
ᠴᠠᠰᠤ ᠪᠣᠯᠤᠮᠤᠢ
ᠤᠰᠤ ᠠᠨᠤ ᠬᠥᠷᠥᠰᠥᠨ ᠳᠣᠣᠷ᠎ᠠ ᠪᠠᠢᠪᠠᠰᠤ
ᠪᠤᠯᠠᠭ ᠪᠣᠯᠤᠮᠤᠢ
ᠤᠰᠤ ᠠᠨᠤ ᠲᠡᠭᠷᠢ ᠳᠡᠭᠡᠷ᠎ᠡ ᠳᠡᠭᠳᠡᠪᠡᠰᠦ
ᠡᠭᠦᠯᠡ ᠪᠣᠯᠤᠮᠤᠢ
ᠤᠰᠤ ᠠᠨᠤ ᠰᠠᠯᠬᠢᠨ ᠳᠤᠮᠳᠠ ᠣᠷᠣᠰᠢᠪᠠᠰᠤ
ᠮᠠᠨᠠᠨ ᠪᠣᠯᠤᠮᠤᠢ
ᠤᠰᠤ ᠠᠨᠤ ᠨᠠᠪᠴᠢᠨ ᠳ᠋ᠤ᠌ ᠪᠥᠮᠪᠥᠭᠡᠨᠡᠪᠡᠰᠦ
ᠰᠢᠭᠦᠳᠡᠷᠢ ᠪᠣᠯᠤᠮᠤᠢ
ᠤᠰᠤ ᠠᠨᠤ ᠡᠪᠡᠰᠦᠲᠦ ᠲᠠᠯ᠎ᠠ ᠳ᠋ᠤ᠌ ᠴᠠᠷᠴᠠᠪᠠᠰᠤ
ᠬᠢᠷᠠᠭᠤ ᠪᠣᠯᠤᠮᠤᠢ
᠁ ᠁
ᠤᠰᠤᠨ ᠭᠡᠭᠴᠢ
ᠶᠣᠨᠳᠣᠨ ᠤ᠋ ᠪᠢᠯᠢᠭ ᠪᠠᠭᠠᠲᠤᠷ ᠪᠥᠯᠥᠭᠡ
ᠶᠣᠨᠳᠣᠨ ᠤ ᠪᠢᠯᠢᠭ ᠪᠠᠭᠠᠲᠤᠷ ᠪᠣᠯᠪᠠᠰᠤ
ᠤᠰᠤᠨ ᠪᠤᠶᠤ
ᠤᠰᠤᠨ ᠤ᠋ ᠪᠤᠮᠠᠨ ᠬᠤᠪᠢᠷᠠᠯ
ᠤᠬᠠᠭᠠᠷᠠᠯ ᠭᠡᠭᠡᠷᠡᠯ ᠦ᠋ᠨ
ᠨᠣᠶᠠᠨ ᠣᠷᠭᠢᠯ ᠪᠤᠶᠤ
᠁ ᠁
ᠡᠷᠪᠡᠬᠡᠢ ᠶ᠋ᠢᠨ ᠭᠤᠷᠪᠠᠨ ᠥᠭᠰᠥᠯ
ᠡᠷᠬᠡᠪᠰᠢ ᠲᠡᠭᠦᠰ ᠭᠤᠷᠪᠠᠨ ᠬᠤᠪᠢᠰᠤᠯ ᠨᠢ
ᠭᠤᠯᠳᠤ ᠬᠦᠷᠪᠡᠯᠵᠢᠯᠡᠯ ᠬᠥᠨᠳᠡᠯᠡᠨ ᠠᠪᠠᠷᠢᠯ
ᠡᠴᠦᠰ ᠦ᠋ᠨ ᠳᠡᠭᠦᠯᠢᠯᠲᠡ ᠥᠨᠳᠥᠷ ᠭᠡᠭᠡᠷᠡᠯ ᠠᠨᠤ
ᠡᠴᠡᠩᠬᠡᠢ ᠮᠤᠩᠬᠠᠭ ᠪᠡᠶ᠎ᠡ ᠶ᠋ᠢᠨ ᠮᠢᠨᠢ
ᠭᠤᠷᠪᠠᠨ ᠲᠥᠷᠥᠯ ᠦ᠋ᠨ ᠮᠢᠨᠢ ᠦᠶᠡᠯᠡᠯ
ᠡᠷᠬᠡᠰᠢᠶᠡᠭᠳᠡᠰᠢ ᠦᠭᠡᠢ ᠯᠤᠲᠤ ᠤᠬᠠᠭᠠᠷᠠᠯ
ᠭᠣᠯᠣᠮᠲᠠ ᠶ᠋ᠢᠨ ᠮᠢᠨᠢ ᠰᠠᠨᠰᠠᠷᠯᠢᠭ ᠴᠠᠮᠬᠠᠭ ᠪᠤᠶᠤ
᠁ ᠁ ᠁
ᠵᠥᠭᠡᠯᠡᠨ ᠮᠡᠯᠮᠡᠢ ᠶ᠋ᠢᠨ
ᠦᠯᠡᠮᠵᠢ ᠶ᠋ᠢᠨ ᠪᠠᠶᠠᠰᠬᠤᠯᠠᠩ ᠴᠢᠨᠠᠷ
ᠵᠥᠭᠡᠯᠡᠨ ᠪᠢᠯᠡᠭᠦᠦ ᠶ᠋ᠢᠨ
ᠥᠨᠢ ᠶ᠋ᠢᠨ ᠰᠣᠨᠣᠰᠬᠤᠯᠠᠠᠩ ᠠᠬᠤᠢ
ᠵᠦᠭ ᠪᠦᠬᠦᠨ ᠦ᠌
ᠤᠰᠤᠨ ᠤ᠋ ᠤᠶᠠᠨ ᠰᠡᠳᠬᠢᠬᠦᠢ
ᠵᠥᠪᠬᠡᠨ ᠵᠥᠪ ᠠᠮᠢᠳᠤᠷᠠᠬᠤ ᠶ᠋ᠢᠨ
ᠵᠢᠩᠬᠢᠨᠢ ᠶ᠋ᠢᠨ ᠲᠡᠭᠦᠯᠳᠡᠷ ᠤᠳᠬ᠎ᠠ ᠪᠤᠶᠤ
ᠣᠷᠴᠢᠯᠠᠩ ᠤ᠋ᠨ ᠬᠢᠵᠠᠭᠠᠷ ᠦᠭᠡᠢ ᠳᠡᠯᠡᠯᠲᠡ
ᠣᠷᠣᠰᠢᠬᠤᠢ ᠶ᠋ᠢᠨ ᠴᠢᠩᠭᠢᠰ ᠵᠠᠶᠠᠭ᠎ᠠ ᠁
2024᠂ 08᠂15᠃13᠄ 39 ᠮᠢᠨᠦ᠋ᠲ᠃
ᠤᠮᠠᠷᠠᠲᠤ ᠬᠢᠵᠠᠭᠠᠷ ᠤ᠋ᠨ ᠵᠠᠯᠠᠭᠤ ᠵᠢᠷᠦᠬᠡ¥
ᠲᠠᠯ᠎ᠠ ᠨᠤᠲᠤᠭ ᠤ᠋ᠨ ᠭᠡᠷᠡᠯᠲᠦ ᠰᠤᠪᠤᠳ ᠬᠡᠮᠡᠬᠦᠢ
ᠰᠢᠯᠢ ᠶ᠋ᠢᠨ ᠬᠣᠲᠠᠨ᠎ᠠ ᠪᠦᠲᠦᠭᠡᠪᠡᠢ᠃
