ᠳᠡᠩᠳᠡᠭᠦᠦ ᠳᠡᠩᠳᠡᠬᠦᠦ ᠭᠠᠩᠭᠠᠩ ᠳᠡᠯᠭᠡᠷᠡᠩᠭᠦᠢ ᠴᠠᠬᠠᠷ ᠨᠤᠲᠤᠭ ᠮᠢᠨᠦ – ᠶᠣᠨᠳᠣᠨ ᠤ ᠪᠢᠯᠢᠭ᠌ - ᠪᠠᠭᠠᠲᠤᠷ Дэндүү дэндүү ганган дэлгэрэнгүй цахар нутаг миний – Ёндоны Билиг - Баатар
ᠳᠡᠩᠳᠡᠭᠦᠦ ᠳᠡᠩᠳᠡᠬᠦᠦ ᠭᠠᠩᠭᠠᠩ ᠳᠡᠯᠭᠡᠷᠡᠩᠭᠦᠢ ᠴᠠᠬᠠᠷ ᠨᠤᠲᠤᠭ ᠮᠢᠨᠦ
ᠭᠡᠷᠡᠯ ᠤᠰᠤᠨ ᠤ᠋ ᠣᠩᠭᠣᠨ ᠲᠠᠩᠰᠤᠭ
ᠮᠣᠷᠢᠨ ᠳᠡᠭᠡᠷ᠎ᠡ ᠡᠴᠡ ᠨᠠᠷᠠ ᠰᠢᠭᠦᠷᠡᠮᠡᠷ
ᠮᠣᠢᠯ ᠤ᠋ᠨ ᠠᠮᠲᠠᠨ ᠳ᠋ᠤ᠌ ᠱᠠᠯ ᠰᠣᠭᠲᠣᠮᠠᠷ
ᠡᠭᠡᠭᠡ ᠯᠡ ᠪᠤᠷᠬᠠᠨ ᠤ᠋ ᠮᠡᠯᠮᠡᠢ ᠪᠡᠷ
ᠡᠭᠡᠯᠵᠢᠯᠡᠨ ᠨᠡᠭᠦᠳᠡᠯᠯᠡᠵᠦ ᠪᠠᠢᠭ᠎ᠠ ᠰᠢᠭ᠋
ᠡᠩ ᠦᠭᠡᠢ ᠠᠮᠤᠭᠤᠯᠠᠩ ᠴᠡᠯᠡᠭᠡᠷ ᠰᠠᠨᠠᠭᠳᠠᠬᠤ
ᠡᠷᠲᠡᠨ ᠦ᠌ ᠭᠠᠢᠬᠠᠮᠰᠢᠭᠲᠠᠢ ᠴᠠᠬᠠᠷ ᠨᠤᠲᠤᠭ
ᠡᠨᠡ ᠵᠠᠭᠤᠨ ᠤ᠋ ᠪᠦᠬᠦᠷᠭᠡᠨ ᠳᠡᠭᠡᠭᠦᠷ
ᠡᠷᠬᠡ ᠴᠢᠯᠥᠭᠡᠨ ᠦ᠌ ᠬᠠᠳᠠᠭ ᠵᠠᠶᠢᠭ ᠲᠠᠢ
ᠡᠩᠭᠡᠷ ᠵᠠᠭᠠᠮ᠎ᠠ ᠵᠠᠳᠠᠭᠠᠢ ᠬᠡᠢᠮᠣᠷᠢ ᠲᠠᠢ
ᠳᠡᠩᠳᠡᠭᠦᠦ ᠳᠡᠩᠳᠡᠭᠦᠦ ᠪᠠᠶᠠᠰᠬᠤᠯᠠᠩ
ᠳᠣᠯᠭᠢᠶᠠᠨ ᠰᠣᠯᠣᠩᠭᠠᠨ ᠷᠠᠰᠢᠶᠠᠨ ᠬᠤᠷ᠎ᠠ ᠲᠠᠢ
ᠳᠠᠪᠬᠢᠵᠤ ᠬᠡᠯᠪᠡᠷᠢᠩᠭᠡᠨ ᠬᠡᠯᠪᠡᠷᠢᠵᠦ ᠳᠠᠪᠬᠢᠩᠬᠠᠨ
ᠲᠡᠢᠨ ᠳᠦᠷᠪᠡᠭᠡᠨ ᠡᠴᠡ ᠳᠠᠩᠴᠤ ᠬᠣᠯᠠᠬᠠᠨ
ᠳᠡᠭᠵᠢᠨ ᠲᠡᠭᠷᠢᠯᠢᠭ ᠤᠬᠠᠭᠠᠷᠠᠵᠤ ᠨᠠᠢᠭᠤᠨᠠᠮ ᠠ᠋
ᠵᠠᠷᠯᠢᠭ ᠭᠡᠭᠡᠨ ᠵᠤᠯᠠᠢ ᠳᠡᠭᠡᠷ᠎ᠡ ᠨᠢ
ᠵᠡᠷᠯᠢᠭ ᠴᠢᠨᠣ᠎ᠠ ᠰᠢᠭ᠋ ᠬᠥᠬᠡ ᠪᠣᠷᠣᠯᠠᠭ
ᠵᠤᠵᠠᠭᠠᠨ ᠥᠳᠬᠡᠨ ᠡᠭᠦᠯᠡᠰ ᠬᠤᠷᠠᠯᠳᠤᠩᠬᠠᠨ
ᠵᠠᠵᠢᠨ ᠪᠤᠭᠤᠷᠤᠯ ᠮᠢᠩᠭᠠᠲᠤ ᠶ᠋ᠢᠨ ᠮᠢᠨᠢ
ᠵᠢᠷᠦᠬᠡᠨ ᠴᠣᠬᠢᠯᠭ᠎ᠠ ᠶ᠋ᠢ ᠴᠢᠩᠨᠠᠩᠬᠠᠨ
ᠵᠢᠭᠠᠰᠤᠲᠠᠢ ᠨᠠᠭᠤᠷ ᠤ᠋ᠨ ᠡᠷᠭᠢ ᠶ᠋ᠢ ᠳᠡᠯᠡᠨᠡᠮ ᠠ᠋
ᠵᠠᠩ ᠰᠠᠢᠲᠠᠢ ᠠᠢᠯ ᠳ᠋ᠤ᠌ ᠵᠣᠴᠢᠨ ᠣᠯᠠᠨ
ᠵᠠᠮᠤᠭ ᠰᠠᠢᠲᠠᠢ ᠨᠠᠭᠤᠷ ᠲᠤ᠌ ᠵᠢᠭᠠᠰᠤ ᠠᠷᠪᠢᠨ
ᠶᠠᠭᠠᠬᠢᠭᠰᠠᠨ ᠴᠦ᠍ ᠣᠯᠠᠨ ᠤᠨᠠᠭᠠᠨ ᠪᠦᠷᠢᠳᠦ
ᠶᠠᠮᠠᠷᠴᠤ ᠠᠷᠪᠢᠨ ᠨᠢᠳᠦᠨ ᠪᠤᠯᠠᠭ ᠲᠠᠢ
ᠶᠤᠮ ᠪᠣᠢ ᠳᠠ ᠁ ᠴᠠᠬᠠᠷ ᠨᠤᠲᠤᠭ ᠮᠢᠨᠢ
ᠢᠨᠠᠭᠴᠢ ᠪᠦᠰᠡᠭᠦᠢ ᠪᠥᠵᠢᠭᠯᠡᠭᠡ ᠶᠦᠮ ᠰᠢᠭ
ᠶᠠᠭᠠᠨ ᠵᠠᠪᠠᠵᠢᠲᠤ ᠬᠥᠬᠡ ᠲᠣᠭᠣᠷᠤᠤ
ᠶᠭᠠᠷᠠᠦ ᠠᠶᠠᠯᠠᠭ᠎ᠠ ᠵᠠᠯᠠᠭᠤ ᠨᠠᠮ᠎ᠠ ᠶ᠋ᠢ
ᠤᠰᠤᠨ ᠮᠠᠨᠠᠨ ᠢ᠋ᠶ᠋ᠠᠷ ᠢᠪᠡᠭᠡᠨ ᠬᠤᠴᠢᠨᠠᠮ
ᠤᠰᠤᠨ ᠮᠠᠨᠠᠨ ᠠ᠋ᠴᠠ ᠳ᠋ᠦᠩᠰᠢᠭᠤᠷ ᠳ᠋ᠣᠯᠯᠠᠷ
ᠦᠨᠢᠶᠡᠨ ᠵᠠᠯᠠᠨ ᠳ᠋ᠤ᠌ ᠠᠰᠬᠠᠷᠠᠩᠬᠠᠨ
ᠤᠶᠠᠭᠠᠨ ᠳᠡᠭᠡᠷ᠎ᠡ ᠭᠠᠯ ᠰᠢᠷᠭ᠎ᠠ ᠬᠦᠯᠦᠭ
ᠤᠷᠲᠤ ᠶ᠋ᠢᠨ ᠳᠠᠭᠤᠨ ᠳ᠋ᠤ᠌ ᠨᠢᠯᠪᠤᠰᠤᠷᠠᠩᠬᠠᠨ
ᠰᠢᠵᠢᠷ ᠣᠶᠤᠲᠠᠨ ᠤ᠋ ᠨᠠᠮᠤᠷ
ᠰᠢᠷᠭᠠᠯᠳᠠᠵᠤ ᠠᠮᠵᠢᠭᠠᠳᠤᠢ ᠶ᠋ᠢ
ᠶᠠᠭᠠᠬᠢᠶ᠎ᠠ ᠠ᠋
ᠡᠪᠦᠭᠡᠳ ᠡᠮᠡᠭᠡᠳ ᠮᠢᠨᠢ ᠳᠧ
ᠴᠢᠩᠭᠢᠰ ᠦ᠋ᠨ ᠠᠯᠲᠠᠨ ᠤᠷᠤᠭ ᠤ᠋ᠨ
ᠴᠠᠬᠠᠷ ᠲᠦᠮᠡᠨ ᠦ᠌
ᠴᠠᠬᠠᠷ ᠨᠤᠲᠤᠭ ᠠ᠋ ᠭᠡᠵᠦ
ᠶᠠᠷᠢᠭᠠᠳ ᠶᠠᠭᠤ ᠬᠢᠬᠦᠪ ᠳᠧ
2024᠂08᠂12᠃ 14᠄ 49᠃ ᠮᠢᠨᠦ᠋ᠲ᠃
ᠮᠢᠩᠭᠠᠲᠤ ᠬᠣᠲᠠᠬᠠᠨ ᠠ᠋ᠴᠠ ᠬᠠᠪᠢᠷᠭ᠎ᠠ ᠬᠦᠷᠬᠦ
ᠲᠦᠷᠢᠶᠡᠰᠦᠨ ᠮᠠᠰᠢᠨ ᠳᠡᠭᠡᠷ᠎ᠡ ᠯᠡ
ᠳᠥᠩᠭᠡᠨ ᠲᠠᠩᠭᠠᠨ ᠪᠦᠲᠦᠭᠡᠵᠦ ᠠᠮᠵᠢᠪᠠᠢ᠃
