ᠭᠸᠷᠮᠠᠨ ᠪᠤᠬ᠎ᠠ ᠲᠡᠷᠭᠡ – ᠶᠣᠨᠳᠣᠨ ᠤ ᠪᠢᠯᠢᠭ᠌ - ᠪᠠᠭᠠᠲᠤᠷ Герман бух тэрэг – Ёндоны Билиг - Баатар
ᠭᠸᠷᠮᠠᠨ ᠪᠤᠬ᠎ᠠ ᠲᠡᠷᠭᠡ
ᠬᠢᠬᠠᠯᠲᠠ ᠬᠢᠮᠤᠷᠠᠯ ᠰᠦᠷᠳᠡᠭᠦᠯᠦᠯ ᠬᠦᠴᠦᠷᠬᠡᠭᠯᠡᠯ
ᠭᠡᠨᠡᠳᠡᠯ ᠲᠦᠢᠮᠤᠷ ᠳᠠᠯᠠᠢ ᠶ᠋ᠢᠨ ᠬᠦᠷᠬᠢᠷᠡᠯᠲᠡ
ᠭᠠᠴᠢᠭᠳᠠᠯᠳᠠ ᠠᠷᠠᠳ ᠪᠥᠭᠡᠮ ᠳᠦᠷᠪᠡᠯᠲᠡ
ᠭᠠᠯᠵᠠᠭᠤ ᠲᠦᠷᠢᠮᠡᠬᠡᠢ ᠲᠡᠢᠨ ᠦ᠌ ᠬᠥᠨᠥᠭᠡᠯᠲᠡ
ᠠᠭᠠᠷ ᠤ᠋ᠨ ᠳᠠᠪᠬᠤᠷᠭ᠎ᠠ ᠶ᠋ᠢᠨ ᠨᠢᠮᠭᠡᠷᠡᠯᠲᠡ
ᠪᠥᠭᠡᠷᠡᠯᠢᠭ ᠪᠥᠮᠪᠥᠷᠴᠡᠭ ᠦ᠋ᠨ ᠳᠤᠯᠠᠭᠠᠷᠠᠯᠲᠠ
ᠬᠢᠵᠢᠭ ᠲᠠᠬᠤᠯ ᠤ᠋ᠨ ᠬᠡᠮᠨᠡᠯ ᠲᠡᠢ ᠳᠡᠯᠪᠡᠷᠡᠯᠲᠡ
᠁ ᠁ ᠁
ᠬᠡᠨ ᠳ᠋ᠦ᠍ ᠴᠦ᠍ ᠲᠠᠭᠠᠮᠠᠭᠯᠠᠭᠳᠠᠰᠢ ᠦᠭᠡᠢ
ᠬᠡᠵᠢᠶ᠎ᠡ ᠴᠦ᠍ ᠮᠠᠭᠠᠳ ᠡᠭᠦᠰᠴᠦ ᠮᠡᠳᠡᠬᠦ
ᠰᠠᠨᠰᠠᠷ ᠤ᠋ᠨ ᠰᠣᠯᠢᠷ ᠤ᠋ᠨ ᠳᠠᠭᠠᠷᠢᠯᠲᠠ ᠁
ᠭᠠᠯᠲᠤ ᠠᠭᠤᠯᠠ ᠶ᠋ᠢᠨ ᠰᠦᠷᠴᠢᠯᠲᠡ ᠁
ᠭᠠᠵᠠᠷ ᠤ᠋ᠨ ᠮᠠᠭᠮᠠ ᠶ᠋ᠢᠨ ᠰᠡᠵᠢᠯᠡᠯᠲᠡ ᠁
ᠭᠠᠮᠰᠢᠭ ᠭᠠᠩ ᠡᠭᠡᠯᠵᠢᠯᠡᠨ ᠲᠦᠢᠪᠡᠭᠡᠬᠦᠢ ᠁
ᠡᠢᠮᠦ ᠯᠡ ᠯᠤᠲᠤ ᠳᠣᠩᠰᠣᠯᠤᠯᠲᠠ ᠠᠬᠤᠢ
ᠠᠢᠬᠤᠪᠲᠤᠷ ᠬᠡᠴᠡᠭᠦᠦ ᠡᠨᠡ ᠡᠷᠢᠨ ᠳ᠋ᠦ᠍
ᠪᠦᠬᠦ ᠧᠦ᠋ᠷᠣᠫᠠ ᠶ᠋ᠢᠨ ᠢ᠋ᠶ᠋ᠡᠨ
ᠠᠵᠤ ᠠᠬᠤᠢ ᠶ᠋ᠢᠨ ᠪᠤᠬ᠎ᠠ ᠲᠡᠷᠭᠡ —
ᠭᠧᠷᠮᠠᠨ ᠭᠥᠷᠥᠨ!
ᠪᠠᠷᠠᠭᠤᠨ ᠤ᠋ ᠶᠢᠷᠲᠢᠨᠴᠦ ᠶ᠋ᠢ ᠳᠠᠢᠴᠢᠯᠠᠩᠬᠠᠨ
ᠪᠦᠷᠭᠦᠳ ᠰᠢᠭ ᠨᠢᠰᠴᠦ ᠪᠠᠢᠬᠤ ᠳ᠋ᠤ᠌
ᠪᠣᠭᠳᠠ ᠪᠠᠭᠠᠲᠤᠷ ᠴᠢᠩᠭᠢᠰ ᠦ᠋ᠨ ᠥᠷᠡᠳᠡᠰ
ᠮᠠᠨᠠᠢᠬᠢᠨ ᠬᠠᠷᠢᠨ ᠡᠳᠦᠷᠵᠢᠨ ᠢ᠋ᠶ᠋ᠡᠨ
ᠮᠢᠩᠭ᠎ᠠ ᠮᠢᠩᠭᠠᠨ ᠪᠣᠯᠣᠯᠴᠠᠭᠠᠲᠤ ᠨᠥᠬᠥᠴᠡᠯ ᠢ᠋
ᠮᠠᠵᠢᠶᠠᠩ᠂ ᠨᠠᠢᠷ ᠨᠠᠭᠠᠳᠤᠮ ᠢ᠋ᠶ᠋ᠠᠷ ᠯᠠ
ᠳᠡᠩᠳᠡᠭᠦᠦ ᠲᠠᠯᠠᠭᠠᠷ ᠰᠦᠢᠳᠬᠡᠩᠭᠡᠨ
ᠦᠬᠡᠷ ᠬᠠᠰᠠᠭ ᠢ᠋ᠶ᠋ᠠᠨ ᠴᠦᠷᠭᠦᠯᠡᠭᠦᠯᠦᠩᠬᠡᠨ
ᠦᠷᠢᠶ᠎ᠡ ᠮᠣᠷᠢᠳ ᠢ᠋ᠶ᠋ᠠᠨ ᠣᠷᠣᠯᠳᠣᠭᠠᠳ
ᠦᠵᠦᠭᠦᠷ ᠬᠢᠵᠠᠭᠠᠷ ᠦᠭᠡᠢ ᠰᠣᠭᠲᠣᠭᠤᠷᠠᠨᠠᠮ
ᠨᠢᠭᠤᠷ ᠤᠯᠠᠢᠵᠤ ᠢᠴᠢᠵᠦ ᠭᠤᠲᠤᠷᠠᠬᠤ ᠪᠠᠨ
ᠨᠢᠭᠡᠮᠦᠰᠦᠨ ᠲᠤᠢᠯᠪᠤᠷᠢᠲᠠᠢ ᠮᠠᠷᠲᠠᠭᠰᠠᠨ ᠤᠤ
ᠾᠳᠡᠯᠯᠸᠷ ᠦ᠋ᠨ ᠴᠡᠴᠡᠯᠡᠭᠰᠡᠨ
ᠦᠨᠡᠨ ᠠᠭᠠᠳ ᠮᠠᠰᠢᠳᠠ ᠵᠥᠪ
ᠶᠠᠰᠤᠨ ᠴᠢᠮᠦᠭᠡᠨ ᠳ᠋ᠦ᠍ ᠰᠢᠩᠭᠡᠭᠰᠡᠨ
ᠬᠡᠴᠡᠭᠦᠦ ᠬᠠᠲᠠᠭᠤ ᠨᠢᠭᠡᠨ ᠪᠠᠳᠠᠭ ᠢ᠋
ᠶᠡᠬᠡ ᠲᠥᠯᠥᠪ ᠰᠡᠢᠷᠡᠭᠦᠯᠪᠡᠰᠦ᠄
!!! ᠲᠡᠭᠷᠢᠯᠢᠭ ᠴᠦ᠍ ᠶᠠᠭᠠᠬᠢᠳᠠᠭ ᠶᠤᠮ!!!
ᠲᠡᠢᠮᠦ ᠠᠢᠬᠤᠪᠲᠤᠷ ᠦᠨᠳᠦᠰᠦᠲᠡᠨ ᠢ᠋
ᠣᠶᠤᠨ ᠰᠦᠨᠡᠰᠦ ᠶ᠋ᠢ ᠨᠢ ᠠᠯᠳᠠᠲᠠᠯ᠎ᠠ ᠯᠠ
ᠰᠦᠮᠪᠦᠷ ᠳᠡᠭᠡᠳᠦᠰ ᠢ᠋ᠶ᠋ᠡᠨ ᠮᠠᠷᠲᠠᠲᠠᠯ᠎ᠠ ᠯᠠ
ᠰᠣᠶᠣᠯ ᠲᠡᠦᠬᠡᠨ ᠳ᠋ᠡᠭᠡᠨ ᠮᠠᠩᠰᠢᠭᠤᠷᠠᠲᠠᠯ᠎ᠠ
ᠡᠳᠦᠷᠵᠢᠨ ᠰᠥᠨᠢᠵᠢᠨ ᠢ᠋ᠶ᠋ᠡᠷ ᠨᠢ
ᠨᠠᠢᠷ ᠨᠠᠭᠠᠳᠤᠮ ᠢ᠋ᠶ᠋ᠠᠷ ᠬᠣᠮᠣᠷᠠᠭᠯᠠᠨ ᠪᠠᠢᠵᠤ
ᠨᠠᠷᠭᠢᠭᠤᠯᠤᠨ ᠴᠡᠩᠭᠡᠭᠦᠯᠦᠩᠬᠡᠨ ᠵᠢᠷᠭᠠᠭᠤᠯᠵᠤ
ᠨᠢᠭᠡᠮᠦᠰᠦᠨ ᠲᠤᠢᠯᠪᠤᠷᠢᠲᠠᠢ ᠣᠮᠣᠭᠰᠢᠭᠤᠯᠵᠤ
ᠨᠡᠷ᠎ᠡ ᠤᠳᠤᠮ ᠢ᠋ ᠨᠢ ᠬᠠᠢᠯᠠᠭᠤᠯᠤᠨ ᠪᠠᠢᠵᠤ
ᠭᠱᠠᠨ ᠴᠦ᠍ ᠵᠠᠢ ᠴᠢᠯᠥᠭᠡ ᠥᠭᠭᠦᠯ ᠦᠭᠡᠢ
ᠠᠮᠠ ᠶ᠋ᠢ ᠨᠢ ᠲᠣᠰᠣᠳᠠᠵᠤ !!!!!!
ᠠᠯᠠᠭ ᠲᠠᠷᠢᠬᠢ ᠶ᠋ᠢ ᠨᠢ ᠰᠤᠷᠤᠭᠠᠳ ᠪᠠᠢᠪᠠᠯ
ᠲᠡᠳᠡᠨᠦᠰ ᠪᠦᠭᠦᠳᠡᠭᠡᠷ ᠢ᠋ᠶ᠋ᠡᠨ ᠯᠡ
ᠵᠡᠭᠦᠳᠦ ᠨᠣᠢᠷᠤᠨ ᠳ᠋ᠠᠭᠠᠨ ᠭᠡᠨᠡᠳᠲᠡᠬᠡᠨ ᠯᠡ
ᠬᠣᠷᠣᠮᠬᠠᠨ ᠵᠠᠭᠤᠷ᠎ᠠ ᠶ᠋ᠢᠨ ᠬᠣᠭᠣᠷᠣᠨᠳᠣ ᠯᠠ
ᠣᠷᠣ ᠲᠠᠰᠤ ᠠᠯᠠᠭ᠎ᠠ ᠪᠣᠯᠤᠨ ᠮᠥᠬᠥᠮᠦᠢ!!
᠁ ᠁
ᠬᠠᠮᠤᠭ ᠪᠦᠬᠦᠢ ᠬᠥᠮᠦᠨ ᠲᠥᠷᠥᠯᠬᠢᠲᠡᠨ ᠦ᠌
ᠢᠰᠡᠭᠡᠢᠷᠡᠭᠰᠡᠨ ᠮᠤᠩᠬᠠᠭ ᠲᠠᠷᠢᠬᠢᠨ ᠳ᠋ᠤ᠌
ᠠᠭᠠᠳᠠᠷ ᠤ᠋ᠨ ᠠᠶᠤᠩᠭ᠎ᠠ ᠭᠢᠯᠪᠡᠬᠡᠨ ᠮᠡᠲᠦ
ᠠᠶᠤᠮᠰᠢᠭᠲᠤ ᠰᠡᠷᠡᠮᠵᠢ ᠰᠡᠲᠡᠯᠲᠡ ᠥᠭᠭᠦᠭᠰᠡᠨ
ᠡᠨᠡ ᠭᠠᠰᠢᠭᠤᠨ ᠦᠨᠡᠨ ᠦᠭᠡ !!!!
ᠮᠠᠨᠳᠤᠲᠤᠭᠠᠢ!!! ᠭᠡᠮᠡᠨ ᠬᠡᠯᠡᠭᠡᠳ
ᠮᠤᠩᠬᠠᠭ ᠥᠴᠦᠬᠡᠨ ᠣᠯᠳᠤᠭ ᠪᠢ ᠪᠡᠷ
ᠨᠢᠰᠬᠦ ᠮᠡᠲᠦ ᠲᠣᠪᠲᠣᠯᠣᠩᠬᠠᠨ ᠪᠠᠢᠭ᠎ᠠ
ᠬᠤᠷᠳᠤᠨ ᠤ᠋ ᠭᠠᠯᠲᠤ ᠲᠡᠷᠭᠡᠨ ᠦ᠌
ᠮᠠᠩᠨᠤᠭ ᠵᠥᠭᠡᠯᠡᠨ ᠣᠷᠣᠨ ᠳᠡᠭᠡᠷ᠎ᠡ ᠪᠡᠨ
ᠴᠣᠬᠣᠮ ᠮᠠᠩᠰᠢᠭᠤᠷᠠᠲᠠᠯ᠎ᠠ ᠤᠨᠲᠠᠶ᠎ᠠ᠃
2024᠂08᠂12᠃11᠄59 ᠮᠢᠨᠦ᠋ᠲ
ᠬᠥᠬᠡᠬᠣᠲᠠ ᠠ᠋ᠴᠠ ᠰᠢᠯᠢ ᠶ᠋ᠢᠨ ᠬᠣᠲᠠ ᠬᠦᠷᠬᠦ
ᠭᠠᠯᠲᠤ ᠲᠡᠷᠭᠡᠨ ᠳᠡᠭᠡᠷ᠎ᠡ ᠬᠢᠴᠢᠶᠡᠩᠭᠦᠢ ᠲᠤᠩᠭᠠᠯᠠᠭ
ᠲᠤᠩᠭᠠᠨ ᠪᠦᠲᠦᠭᠡᠪᠡᠢ᠃
ᠤᠨᠲᠠᠬᠤ ᠶ᠋ᠢ ᠣᠷᠣᠯᠳᠣᠪᠠᠴᠤ ᠨᠣᠢᠷ ᠢ᠋ ᠮᠢᠨᠢ
ᠨᠣᠬᠠᠢ ᠳᠣᠯᠢᠶᠠᠭᠰᠠᠨ ᠪᠠᠢᠯ᠎ᠠ ᠁ ᠁
