ᠨᠠᠢᠭᠠᠯ ᠰᠢᠷᠭ᠎ᠠ ᠨᠠᠮᠤᠷ ᠤᠨ ᠰᠠᠯᠬᠢ – ᠶᠣᠨᠳᠣᠨ ᠤ ᠪᠢᠯᠢᠭ᠌ - ᠪᠠᠭᠠᠲᠤᠷ Найгал шарга намрын салхи – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠭᠠᠯ ᠰᠢᠷᠭ᠎ᠠ ᠨᠠᠮᠤᠷ ᠤᠨ ᠰᠠᠯᠬᠢ – ᠶᠣᠨᠳᠣᠨ ᠤ ᠪᠢᠯᠢᠭ᠌ - ᠪᠠᠭᠠᠲᠤᠷ Найгал шарга намрын салхи – Ёндоны Билиг - Баатар

ᠨᠠᠢᠭᠠᠯ ᠰᠢᠷᠭ᠎ᠠ ᠨᠠᠮᠤᠷ ᠤᠨ ᠰᠠᠯᠬᠢ – ᠶᠣᠨᠳᠣᠨ ᠤ ᠪᠢᠯᠢᠭ᠌ - ᠪᠠᠭᠠᠲᠤᠷ Найгал шарга намрын салхи – Ёндоны Билиг - Баатар

2024-08-14

403

ᠨᠠᠢᠭᠠᠯ ᠰᠢᠷᠭ᠎ᠠ ᠨᠠᠮᠤᠷ ᠤᠨ ᠰᠠᠯᠬᠢ


 ᠨᠠᠷᠠ ᠨᠠᠷᠠ ᠨᠠᠭᠠᠰᠢ ᠴᠠᠭᠠᠰᠢ ᠤᠤ ᠬᠥᠭᠡᠷᠦᠬᠦᠢ 
 ᠨᠠᠪᠴᠢ ᠴᠡᠴᠡᠭ ᠡᠢᠰᠢ ᠲᠡᠢᠰᠢ ᠶᠦᠮ ᠤᠤ ? 
 ᠨᠠᠢᠭᠠᠯ ᠰᠢᠷᠭ᠎ᠠ ᠨᠠᠮᠤᠷ ᠤᠨ ᠬᠥᠭ ᠯᠠ
 ᠨᠠᠮ᠎ᠠ ᠶᠢ ᠮᠠᠷᠲᠠᠩᠬᠠᠨ ᠣᠢᠷᠠᠲᠤᠭ᠎ᠠ ᠤᠤ 
    ᠁  ᠁   ᠁
 ᠨᠢᠯᠬ᠎ᠠ ᠨᠠᠮᠤᠷ ᠯᠠ ᠮᠣᠢᠲᠤᠷ ᠲᠣᠢᠲᠣᠷ 
 ᠰᠠᠶᠢ ᠯᠠ ᠬᠥᠯ ᠳᠡᠭᠡᠷ᠎ᠡ ᠪᠡᠨ ᠲᠡᠩᠴᠡᠩᠬᠡᠨ
 ᠨᠢᠷᠪᠦ ᠬᠡᠯᠡ ᠪᠡᠷ ᠴᠣᠯᠳᠣᠷ ᠪᠤᠯᠳᠤᠷ 
 ᠵᠠᠪᠠᠵᠢᠨ ᠰᠢᠷ᠎ᠠ ᠨᠢ ᠴᠦ᠍ ᠠᠷᠢᠯᠤᠭᠠᠳᠤᠢ 
 ᠴᠥᠯᠳ᠋ᠦ ᠮᠥᠯᠲᠥᠰ ᠴᠣᠯᠴᠢᠷᠠᠭ᠎ᠠ ᠤᠤ ᠳ᠋ᠠ
  ᠁  ᠁  ᠁
 ᠢᠵᠠᠭᠠᠨ ᠵᠦᠰᠡᠨ ᠬᠥᠰᠢᠭᠡᠯᠡᠭᠡᠳ ᠯᠡ 
 ᠢᠷᠠᠭᠤ ᠨᠠᠢᠷᠠᠭ ᠬᠥᠯᠴᠥᠭᠡᠷᠡᠭᠡᠳ ᠯᠠ 
 ᠢᠷᠡᠬᠦ ᠪᠤᠴᠠᠬᠤ ᠶ᠋ᠢᠨ ᠠᠯᠳᠠᠩᠬᠠᠨ ᠬᠣᠷᠣᠮ ᠳ᠋ᠤ᠌ 
 ᠢᠨᠠᠭ ᠤ᠋ᠨ ᠰᠢᠪᠡᠷᠡᠭᠡ ᠰᠢᠪᠡᠨᠡᠭᠡ ᠶ᠋ᠢ 
 ᠬᠡᠭᠡᠷ᠎ᠡ ᠶᠢᠨ ᠵᠠᠯᠠᠭᠤ ᠴᠡᠩᠬᠡᠷ ᠰᠠᠯᠬᠢ ᠯᠠ 
 ᠬᠡᠵᠢᠶᠡᠨᠡᠢ ᠣᠯᠵᠤ ᠴᠢᠩᠨᠠᠴᠢᠬᠠᠭᠠᠳ  ᠯᠠ 
 ᠬᠡᠭᠡᠷ ᠮᠣᠷᠢᠲᠠᠢ ᠱᠤᠭᠰᠢᠨ ᠱᠣᠲᠣᠷᠠᠩᠬᠠᠨ 
 ᠬᠡᠨᠵᠡ ᠨᠣᠭᠣᠭᠠᠨ ᠤ ᠥᠳᠬᠡᠨ ᠦᠨᠦᠷ ᠢ 
 ᠬᠠᠩ ᠬᠠᠩᠬᠤᠯᠠᠭᠤᠯᠤᠩᠬᠠᠨ 
 ᠶᠠᠮᠠᠷ ᠨᠢᠭᠡᠨ ᠵᠦᠭ 
 ᠬᠤᠷᠢᠮ ᠤᠨ ᠵᠠᠷ ᠲᠤᠩᠬᠠᠭᠯᠠᠩᠬᠠᠨ 
 ᠵᠠᠮ ᠤᠨ ᠵᠠᠭᠤᠷ᠎ᠠ ᠪᠠᠨ 
 ᠶᠠᠪ ᠶᠠᠭᠠᠷᠠᠤᠬᠠᠨ ᠡ 
 ᠵᠠᠷᠢᠮ ᠠᠢᠯ ᠤᠨ ᠤᠶᠠᠭᠠᠨ ᠳᠤ 
 ᠨᠡᠯᠢᠶᠡᠳ ᠬᠥᠯᠴᠥᠭᠦᠦ ᠪᠠᠰᠠ 
 ᠱᠠᠯᠠᠮᠠᠭ ᠰᠢᠷᠦᠭᠦᠨ ᠪᠠᠭᠤᠩᠬᠠᠨ 
 ᠬᠦᠢᠲᠡᠨ ᠠᠢᠷᠠᠭ ᠭᠦᠳ ᠭᠦᠳ ᠵᠠᠯᠭᠢᠯᠠᠨ 
 ᠬᠣᠢᠮᠤᠷ ᠲᠥᠰᠥᠭᠡ ᠵᠠᠪᠢᠯᠠᠩᠬᠠᠨ
 ᠬᠠᠯᠬ᠎ᠠ ᠥᠪᠥᠷ ᠦᠨ 
 ᠬᠤᠤᠮᠠᠭ ᠰᠠᠢᠨ ᠡᠷᠡᠴᠦᠦᠯ ᠢ
 ᠨᠢᠳᠦ ᠭᠦᠶᠦᠯᠭᠡᠨ ᠬᠠᠭᠤᠴᠢᠯᠠᠭᠠᠳ ᠯᠠ
 ᠠᠯᠤᠰ ᠵᠠᠮ ᠤ᠋ᠨ ᠬᠦᠵᠦᠭᠦᠦ 
 ᠠᠯᠠᠪᠬᠢᠨ ᠡᠯᠭᠦᠨ᠎ᠡ
 ᠭᠡᠷ ᠦᠨ ᠬᠠᠶᠠᠭ᠎ᠠ ᠪᠠᠷ 
 ᠨᠡᠷᠡᠯᠡᠵᠦ ᠰᠠᠭᠤᠭ᠎ᠠ 
 ᠬᠥᠬᠡ ᠲᠣᠭᠣᠷᠤᠤ ᠰᠢᠭ᠋
 ᠬᠥᠬᠡ ᠡᠪᠦᠭᠡᠳ᠄
 ᠬᠠᠯᠢᠭᠤᠨ ᠮᠣᠷᠢᠲᠠᠢ 
 ᠬᠣᠯᠠ ᠶᠢᠨ ᠭᠡᠢᠴᠢᠨ 
 ᠬᠠᠮᠢᠭ᠎ᠠ ᠭᠠᠵᠠᠷ ᠢ᠋ ᠵᠣᠷᠢᠨᠠᠮ ᠪᠣᠢ 
 ᠨᠠᠢᠭᠠᠯ ᠰᠢᠷᠭ᠎ᠠ ᠨᠠᠮᠤᠷ ᠤ᠋ᠨ ᠰᠠᠯᠬᠢ 
 ᠵᠡᠭᠡᠷ᠎ᠡ ᠶᠢᠨ ᠰᠢᠯᠪᠢ ᠲᠣᠶᠣᠯᠵᠠᠭᠤᠯᠤᠨ 
 ᠲᠠᠨ ᠤ ᠬᠣᠢᠨ᠎ᠠ ᠠᠴᠠ 
 ᠬᠣᠯᠠ ᠦᠭᠡᠢ ᠨᠠᠢᠭᠤᠨᠠᠮ ᠤᠤ ᠬᠡᠮᠡᠨ 
 ᠴᠠᠭᠠᠨ ᠡᠪᠡᠰᠦᠨ ᠦ ᠲᠣᠯᠣᠭᠠᠢ ᠰᠢᠭ᠋
 ᠲᠠᠢᠪᠤᠭᠤᠬᠠᠨ ᠲᠣᠬᠢᠯᠵᠠᠩᠬᠠᠨ 
 ᠶᠣᠰᠣᠷᠬᠠᠭ ᠠᠰᠠᠭᠤᠬᠤᠢ ᠳᠤ᠄
 ᠠ ᠳ᠋ᠠ᠂ ᠠᠷᠠᠢ ᠪᠣᠯᠣᠭ᠎ᠠ ᠦᠭᠡᠢ ᠳ᠋ᠸ 
 ᠠᠷᠤ ᠠᠴᠠ ᠳᠡᠭᠡᠰᠬᠢᠨ ᠭᠠᠯᠭᠢᠭᠤᠯᠤᠩᠬᠠᠨ 
 ᠠᠭᠠᠵᠢᠭᠤᠬᠠᠨ ᠯᠠ ᠶᠦᠷᠬᠦᠯᠦᠨ᠎ᠡ ᠭᠡᠵᠦ 
 ᠠᠯᠢᠶ᠎ᠠ ᠴᠡᠩᠬᠡᠷ 
 ᠡᠬᠢᠨ ᠨᠠᠮᠤᠷ ᠤ᠋ᠨ ᠰᠠᠯᠬᠢ 
 ᠬᠥᠩᠭᠡᠨ ᠪᠤᠰᠢᠭᠤ ᠬᠠᠷᠢᠭᠤᠯᠬᠤ ᠠᠪᠠᠢ 
 ᠬᠥᠬᠡ ᠮᠣᠩᠭᠣᠯ ᠤ᠋ᠨ ᠮᠢᠨᠢ 
 ᠬᠥᠳᠡᠭᠡ ᠨᠣᠶᠠᠨ ᠪᠠᠢᠭᠠᠯᠢ 
 ᠬᠥᠮᠦᠨ ᠦ᠌ ᠣᠷᠴᠢᠯᠠᠩ ᠤ᠋ᠨ 
 ᠨᠠᠢᠷᠠᠯ ᠬᠦᠭᠵᠢᠮ ᠯᠡ ᠶᠦᠮ ᠳ᠋ᠠ 
 ᠬᠥᠭᠡᠷᠦᠬᠦᠢ ᠁ 
 ᠨᠠᠢᠷᠠᠯ ᠬᠥᠭᠵᠢᠮ ᠰᠢᠭ 
 ᠨᠠᠢᠭᠠᠯ ᠰᠢᠷᠭ᠎ᠠ ᠨᠠᠮᠤᠷ ᠤᠨ ᠰᠠᠯᠬᠢᠨ ᠤ 
 ᠁ ᠠᠢᠰᠤᠢ ᠴᠢᠮᠡᠭᠡ ᠯᠠ ᠰᠠᠢᠬᠠᠨ ᠡ 

        2024᠂ 08᠂ 08᠃ 18᠄ 29  ᠮᠢᠨᠦ᠋ᠲ ᠪᠤᠶᠤ 
        2024᠂ 08᠂ 10᠃15᠄ 59  ᠮᠢᠨᠦ᠋ᠲ᠃
             ᠬᠥᠬᠡᠬᠣᠲᠠᠨ᠎ᠠ ᠭᠢᠴᠢᠶᠡᠩᠭᠦᠢ ᠪᠦᠳᠦᠭᠡᠪᠡᠢ᠃