ᠪᠦᠷᠢᠨ ᠰᠠᠢᠬᠠᠨ ᠲᠤᠶᠠᠭᠠᠷᠠᠭᠠᠳ ᠯᠠ ᠁ – ᠶᠣᠨᠳᠣᠨ ᠤ ᠪᠢᠯᠢᠭ᠌ - ᠪᠠᠭᠠᠲᠤᠷ Бүрэн сайхан туяараад л – Ёндоны Билиг - Баатар
ᠪᠦᠷᠢᠨ ᠰᠠᠢᠬᠠᠨ ᠲᠤᠶᠠᠭᠠᠷᠠᠭᠠᠳ ᠯᠠ ᠁
ᠪᠦᠯᠢᠶᠡᠨ ᠪᠥᠮᠪᠥᠷᠴᠡᠭ ᠨᠢ ᠲᠤᠸᠠᠯᠠᠭᠠᠳ ᠯᠠ
ᠪᠦᠷᠢᠨ ᠰᠠᠢᠬᠠᠨ ᠨᠢ ᠲᠤᠶᠠᠭᠠᠷᠠᠭᠠᠳ ᠯᠠ
ᠪᠦᠭᠦᠳᠡ ᠨᠠᠢᠷᠠᠮᠳᠠᠭᠤ ᠳᠠᠭᠤᠷᠰᠤᠭᠠᠳ ᠯᠠ
ᠪᠢᠯᠢᠭᠲᠦ ᠲᠣᠭᠣᠷᠤᠤ ᠨᠢ ᠳᠡᠪᠳᠡᠷᠢᠭᠡᠳ ᠯᠠ
ᠪᠢᠴᠢᠭ ᠨᠣᠮ ᠤ᠋ᠨ ᠪᠤᠶᠠᠨ ᠳᠡᠯᠭᠡᠷᠡᠭᠡᠳ ᠯᠡ
ᠪᠢᠳᠠᠨ ᠤ ᠨᠠ ᠠ ᠦᠢᠯᠡᠰ ᠪᠠᠳᠠᠷᠠᠭᠠᠳ
ᠪᠢᠨᠳᠠᠷᠢᠶᠠᠨ ᠮᠥᠩᠬᠡ ᠲᠡᠭᠷᠢ ᠲᠡᠳᠬᠦᠭᠡᠳ
ᠰᠠᠢᠨ ᠬᠥᠮᠦᠨ ᠤ ᠯᠡ ᠪᠠᠶᠠᠷ ᠤᠨ ᠮᠠᠩᠨᠠᠢ
ᠰᠡᠴᠡᠨ ᠴᠡᠯᠮᠡᠭ ᠲᠦᠢᠯ ᠢᠶᠡᠷ ᠲᠡᠨᠡᠢᠭᠡᠳ ᠯᠠ
ᠰᠠᠷᠠᠨ ᠤ ᠭᠣᠶᠣ ᠦᠵᠡᠮᠵᠢ ᠰᠠᠴᠤᠷᠠᠭᠠᠳ ᠯᠠ
ᠰᠡᠳᠬᠢᠬᠦᠢ ᠶᠢᠨ ᠬᠢᠵᠠᠭᠠᠷ ᠲᠡᠭᠦᠰ ᠲᠡᠯᠡᠭᠳᠡᠭᠡᠳ
ᠰᠠᠨᠠᠭᠰᠠᠨ ᠪᠥᠬᠥᠨ ᠭᠠᠢᠬᠠᠯᠲᠠᠢ ᠪᠦᠲᠦᠭᠡᠳ
ᠰᠠᠪᠠ ᠶᠢᠷᠲᠢᠨᠴᠦᠰ ᠲᠦ ᠡᠯᠪᠡᠷᠢᠯ ᠲᠣᠭᠲᠠᠪᠠᠢ
ᠠᠶ᠎ᠠ᠂ ᠶᠠᠭᠤᠲᠠᠢ ᠯᠤᠲᠤ ᠵᠢᠷᠭᠠᠯᠠᠩ !
ᠠᠶ᠎ᠠ᠂ ᠶᠠᠭᠤᠲᠠᠢ ᠲᠣᠲᠣ ᠰᠣᠨᠣᠰᠠᠬᠤᠯᠠᠩ!
ᠠᠶ᠎ᠠ᠂ ᠶᠠᠭᠤᠲᠠᠢ ᠲᠥᠪ ᠵᠢᠪᠬᠤᠯᠠᠩ !
ᠠᠶ᠎ᠠ᠂ ᠶᠠᠭᠤᠲᠠᠢ ᠵᠥᠪ ᠠᠮᠤᠭᠤᠯᠠᠩ!
ᠪᠦᠷᠢᠨ ᠰᠠᠢᠬᠠᠨ ᠲᠣᠶᠠᠭᠠᠷᠠᠭᠳ ᠯᠠ
ᠬᠠᠮᠤᠭ ᠠᠮᠢᠲᠠᠳ ᠪᠠᠶᠠᠰᠤᠭᠠᠳ ᠯᠠ
ᠪᠦᠯᠬᠦᠮᠳᠡᠬᠦᠢ ᠶᠢᠨ ᠰᠢᠳᠢ ᠣᠷᠣᠰᠢᠭᠠᠳ ᠯᠠ
ᠬᠠᠭᠠᠳ ᠬᠠᠲᠤᠳ ᠰᠢᠭ᠋ ᠬᠠᠮᠲᠤᠪᠠᠷ ᠴᠡᠩᠬᠡᠮᠦ
2024᠂ 08᠂ 09᠃ 19᠄ 19 ᠮᠢᠨᠦ᠋ᠲ᠃
ᠬᠥᠬᠡᠬᠣᠲᠠᠨ᠎ᠠ ᠨᠢᠭᠦᠯᠡᠰᠦᠩᠭᠦᠢ ᠲᠤᠩᠭᠠᠨ
ᠮᠠᠰᠢᠳᠠ ᠣᠶᠤᠯᠢᠭ ᠬᠦᠯᠢᠴᠡᠩᠭᠦᠢ ᠪᠢᠰᠢᠯᠭᠠᠨ
ᠬᠢᠴᠢᠶᠡᠩᠭᠦᠢ ᠶ᠋ᠢᠨ ᠲᠦᠢᠯ ᠳ᠋ᠤ᠌ ᠪᠦᠲᠦᠭᠡᠪᠡᠢ᠃
※ ᠨᠠ ᠠ ᠦᠢᠯᠡᠰ ᠠᠨᠤ ᠨᠠᠰᠤᠲᠠᠨ ᠢ
ᠠᠰᠠᠷᠠᠬᠤ ᠬᠦᠷᠢᠶᠡᠯᠡᠩ ᠢ ᠵᠢᠭᠠᠮᠤᠢ᠃
※ 2024᠂ 08᠂ 08 ᠤ ᠡᠳᠦᠷ
ᠮᠢᠨᠦ ᠨᠢᠭᠡᠨ ᠳᠣᠲᠣᠨᠣ ᠶ᠋ᠢᠨ ᠳᠡᠭᠦᠦ ᠬᠥᠪᠡᠭᠦᠨ
ᠵᠢᠩᠰᠡ ᠬᠦᠷᠲᠡᠵᠦ ᠴᠢᠬᠤᠯᠠ ᠠᠯᠪᠠᠨ ᠳᠤ ᠲᠣᠮᠢᠯᠠᠭᠳᠠᠪᠠᠢ᠃
ᠥᠴᠥᠭᠡᠳᠦᠷ ᠦᠨ ᠡᠨᠡᠬᠦ ᠯᠠ ᠪᠠᠶᠠᠷᠲᠤ ᠮᠥᠴᠡ ᠶᠢ
ᠥᠨᠥᠳᠥᠷ ᠥᠨᠳᠥᠷ ᠲᠡᠮᠲᠡᠭᠯᠡᠨ ᠲᠣᠰ ᠰᠢᠯᠦᠭ ᠢ
ᠮᠡᠬᠦᠰ ᠪᠢ ᠪᠡᠷ ᠴᠢᠳᠠᠨ ᠶᠠᠳᠠᠨ ᠭᠢᠯᠠᠰ ᠯᠠ ᠪᠦᠲᠦᠭᠡᠪᠡᠢ᠃
