ᠠᠯᠤᠰ ᠤᠨ ᠵᠠᠮ  ᠳᠠᠭᠠᠨ ᠰᠠᠢᠨ ᠢᠷᠡᠪᠡ ᠦᠦАлсын замдаа сайн ирэв үү-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠰ ᠤᠨ ᠵᠠᠮ  ᠳᠠᠭᠠᠨ ᠰᠠᠢᠨ ᠢᠷᠡᠪᠡ ᠦᠦАлсын замдаа сайн ирэв үү-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠯᠤᠰ ᠤᠨ ᠵᠠᠮ  ᠳᠠᠭᠠᠨ ᠰᠠᠢᠨ ᠢᠷᠡᠪᠡ ᠦᠦАлсын замдаа сайн ирэв үү-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-08-18

377

ᠠᠯᠤᠰ ᠤ᠋ᠨ ᠵᠠᠮ ᠳ᠋ᠠᠭᠠᠨ ᠠᠮᠤᠷ ᠢᠷᠡᠪᠡ ᠤᠤ



 ᠠᠯᠤᠰ ᠤ᠋ᠨ ᠵᠠᠮ ᠳ᠋ᠠᠭᠠᠨ ᠠᠮᠤᠷ ᠢᠷᠡᠪᠡ ᠤᠤ  
 ᠠᠶᠠᠨ ᠤ᠋ ᠵᠠᠮ ᠳ᠋ᠠᠭᠠᠨ ᠰᠠᠢᠨ ᠢᠷᠡᠪᠡ ᠤᠤ   
 ᠳᠦᠭᠦᠷᠡᠩ ᠪᠡᠯᠭᠡ ᠲᠡᠢ ᠬᠤᠨᠳᠠᠭ᠎ᠠ ᠪᠠᠨ ᠡᠷᠭᠦᠭᠡᠳ   
 ᠠᠢᠷᠠᠭ ᠤ᠋ᠨ ᠳᠡᠭᠡᠵᠢ ᠶ᠋ᠢ ᠮᠢᠨᠢ ᠲᠣᠭᠲᠠᠭᠠᠭᠠᠷᠠᠢ᠃  

 ᠲᠠᠯ᠎ᠠ ᠶ᠋ᠢᠨ ᠱᠠᠭᠠᠵᠠᠭᠠᠢ ᠱᠠᠭᠰᠢᠭᠠᠳ ᠪᠠᠢᠬᠤ ᠨᠢ  
 ᠲᠠᠨ ᠤ᠋ ᠢᠷᠡᠬᠦ ᠶ᠋ᠢ ᠮᠡᠳᠡᠭᠰᠡᠨ ᠪᠣᠯᠪᠠ ᠤᠤ  
 ᠲᠠᠩᠰᠤᠭ ᠳᠤᠯᠠᠭᠠᠨ ᠮᠣᠩᠭᠣᠯ ᠠᠢᠯ ᠳ᠋ᠤ᠌ ᠮᠢᠨᠢ  
 ᠲᠠᠪᠠᠲᠠᠢ ᠰᠠᠢᠬᠠᠨ ᠰᠠᠭᠠᠲᠠᠭᠠᠷᠠᠢ᠃  

 ᠬᠣᠯᠠ ᠶ᠋ᠢᠨ ᠵᠠᠮ ᠳ᠋ᠠᠭᠠᠨ ᠠᠮᠤᠷ ᠢᠷᠡᠪᠡ ᠤᠤ  
 ᠬᠣᠨᠣᠭ ᠤ᠋ᠨ ᠵᠠᠮ ᠳ᠋ᠠᠭᠠᠨ ᠰᠠᠢᠨ ᠢᠷᠡᠪᠡ ᠤᠤ  
 ᠲᠦᠪᠰᠢᠨ ᠪᠡᠯᠭᠡ ᠲᠡᠢ ᠬᠤᠨᠳᠠᠭ᠎ᠠ ᠪᠠᠨ ᠡᠷᠭᠦᠭᠡᠳ  
 ᠠᠢᠷᠠᠭ ᠤ᠋ᠨ ᠳᠡᠭᠡᠵᠢ ᠶ᠋ᠢ ᠮᠢᠨᠢ ᠲᠣᠭᠲᠠᠭᠠᠭᠠᠷᠠᠢ᠃  

 ᠨᠤᠲᠤᠭ ᠤ᠋ᠨ ᠱᠠᠭᠠᠵᠠᠭᠠᠢ ᠱᠠᠭᠰᠢᠭᠠᠳ ᠪᠠᠢᠬᠤ ᠨᠢ  
 ᠨᠠᠢᠵᠠ ᠮᠢᠨᠢ ᠢᠷᠡᠬᠦ ᠶ᠋ᠢ ᠮᠡᠳᠡᠭᠰᠡᠨ ᠪᠣᠯᠪᠠ ᠤᠤ 
 ᠡᠯᠢᠭᠡ ᠳᠤᠯᠠᠭᠠᠨ ᠮᠣᠩᠭᠣᠯ ᠠᠢᠯ ᠳ᠋ᠤ᠌ ᠮᠢᠨᠢ   
 ᠡᠷᠡᠭᠡᠯᠡᠯ ᠦᠭᠡᠢ ᠰᠠᠢᠬᠠᠨ ᠰᠠᠭᠠᠲᠠᠭᠠᠷᠠᠢ᠃   

 ᠠᠷᠢᠭᠤᠨ ᠬᠠᠳᠠᠭ ᠢ᠋ᠶ᠋ᠠᠨ ᠲᠠᠨ ᠳ᠋ᠠᠭᠠᠨ ᠪᠠᠷᠢᠭᠠᠳ  
 ᠡᠷᠬᠢᠮ ᠲᠠᠨ ᠢ᠋ ᠪᠡᠨ ᠬᠣᠢᠮᠣᠷ ᠲᠠᠭᠠᠨ ᠤᠷᠢᠶ᠎ᠠ  
 ᠰᠠᠷᠬᠤᠳ ᠤ᠋ᠨ ᠳᠡᠭᠡᠵᠢ ᠪᠡᠨ ᠳᠠᠭᠤᠯᠠᠨ ᠡᠷᠭᠦᠭᠡᠳ  
 ᠰᠠᠨᠠᠭ᠎ᠠ ᠠᠮᠤᠷ ᠵᠢᠷᠭᠠᠨ ᠨᠠᠢᠷᠯᠠᠶ᠎ᠠ᠃    

       ᠮᠠᠨᠳᠤᠬᠤ ᠪᠠᠭᠰᠢ ᠤᠷᠠᠯᠠᠨ ᠪᠢᠴᠢᠵᠦ᠂ 
           ᠰᠠᠷᠠᠨᠲᠤᠶᠠᠭ᠎ᠠ ᠦᠰᠦᠭ ᠢ᠋ ᠠᠮᠢᠯᠠᠭᠤᠯᠪᠠ᠃
           ᠬᠢᠨᠠᠭᠴᠢ᠄ ᠲᠤᠶᠠᠭ᠎ᠠ᠂ ᠲᠦᠮᠡᠨᠴᠡᠴᠡᠭ 
            ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ