ᠰᠠᠯᠬᠢ ᠡᠷᠬᠢᠯ᠎ᠡ – ᠶᠣᠨᠳᠣᠨ ᠤ ᠪᠢᠯᠢᠭ᠌ - ᠪᠠᠭᠠᠲᠤᠷ Салий эргэлээ – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠯᠬᠢ ᠡᠷᠬᠢᠯ᠎ᠡ – ᠶᠣᠨᠳᠣᠨ ᠤ ᠪᠢᠯᠢᠭ᠌ - ᠪᠠᠭᠠᠲᠤᠷ Салий эргэлээ – Ёндоны Билиг - Баатар

ᠰᠠᠯᠬᠢ ᠡᠷᠬᠢᠯ᠎ᠡ – ᠶᠣᠨᠳᠣᠨ ᠤ ᠪᠢᠯᠢᠭ᠌ - ᠪᠠᠭᠠᠲᠤᠷ Салий эргэлээ – Ёндоны Билиг - Баатар

2024-08-11

227

ᠰᠠᠯᠬᠢ ᠡᠷᠬᠢᠯ᠎ᠡ


 ᠲᠠᠯ᠎ᠠ ᠶᠢᠨ ᠴᠠᠭᠠᠨ ᠡᠪᠡᠰᠦᠨ ᠦ
 ᠲᠦᠮᠡ ᠲᠦᠮᠡᠨ ᠲᠦᠷᠦᠭᠦᠦ ᠮᠡᠲᠦ 
 ᠡᠭᠡᠭᠡ ᠯᠠ ᠰᠢᠭᠦᠳ᠋ᠡᠷᠢ ᠶᠢᠨ ᠳᠤᠰᠤᠯ ᠰᠢᠭ᠋ 
 ᠡᠭᠡᠯ ᠦᠨ ᠡᠭᠡᠯ ᠦᠨ ᠠᠷᠠᠳ ᠢᠷᠭᠡᠳ ᠮᠢᠨᠢ ᠡ 
 ᠰᠠᠯᠬᠢ ᠡᠷᠭᠢᠯ᠎ᠡ 
 ᠮᠣᠷᠢᠳ ᠡᠷᠭᠢᠯ᠎ᠡ
 ᠰᠠᠨᠰᠠᠷᠯᠢᠭ ᠣᠶᠤᠨ ᠪᠢᠳᠠᠨ ᠢ᠋ ᠯᠡ 
 ᠴᠢᠯᠦᠭᠡᠯᠡᠭᠰᠡᠨ ᠡ 
 
 ᠰᠠᠨᠰᠠᠷ ᠤᠨ ᠬᠦᠷᠳᠦᠨ ᠳᠦ ᠯᠠ 
 ᠰᠠᠪᠠ ᠶᠢᠷᠲᠢᠨᠴᠦᠰ ᠣᠷᠣᠰᠢᠭ᠎ᠠ ᠤᠴᠢᠷ 
 ᠰᠠᠯᠬᠢ ᠡᠷᠭᠢᠯᠬᠦᠢ ᠶᠠᠭᠠᠬᠢᠬᠤᠪ ᠡ
 ᠡᠷᠭᠢᠯᠭᠦᠢ ᠶᠠᠭᠠᠬᠢᠬᠤᠪ  ᠡ 
 ᠰᠠᠨᠠᠭ᠎ᠠ ᠠᠮᠤᠭᠤᠯᠠᠩ ᠪᠠᠢᠭᠠᠷᠠᠢ !!! 
 ᠤᠨᠤᠭ᠎ᠠ ᠵᠢᠪᠬᠤᠯᠠᠩ  ᠶᠠᠪᠤᠭᠠᠷᠠᠢ !!! 
 ᠰᠦᠨᠡᠰᠦᠯᠢᠭ ᠠᠮᠢᠨ ᠡᠷᠴᠢᠮ 
 ᠰᠦᠨ ᠭᠡᠷᠡᠯ ᠢᠶᠡᠷ ᠯᠠ ᠬᠠᠮᠤᠭ ᠢ ᠵᠠᠬᠢᠷᠤᠨᠠᠮ ᠡ 
 ᠦᠬᠦᠯ ᠭᠡᠳᠡᠭ ᠮᠥᠩᠬᠡ ᠥᠯᠥ᠍ ᠣᠷᠣᠰᠢᠨᠠᠮ
 ᠮᠥᠬᠥᠯ ᠭᠡᠳᠡᠭ ᠬᠠᠷᠢᠨ ᠳᠠᠩᠳᠠ ᠵᠠᠨᠤᠯᠬᠢᠯᠠᠨᠠᠮ 
   ᠁  ᠁  ᠁ 
 ᠳ᠋ᠸᠪᠠᠵᠠᠨ! ᠰᠦᠨ ᠴᠠᠭᠠᠨ ᠥᠩᠭᠡᠲᠡᠢ ‍
 ᠰᠦᠨ ᠠᠮᠲᠠᠨ ᠳᠤ ᠳᠠᠭᠤᠨ ᠠᠶᠠᠯᠠᠭᠤ ᠲᠠᠢ 
 ᠰᠥᠨᠥᠰᠢ ᠦᠭᠡᠢ ᠶᠠᠭᠤᠮ᠎ᠠ 
 ᠭᠡᠷᠡᠯ ᠴᠠᠬᠢᠯᠭᠠᠨ ᠡᠴᠡ ᠯᠡ ᠡᠬᠢ ᠲᠠᠢ ᠡ 
 
 ᠰᠠᠨᠰᠠᠷ ᠤᠨ ᠰᠠᠯᠭᠢᠨ ᠤ᠋ 
 ᠤᠭᠠᠯᠵᠠᠨ ᠡᠷᠭᠢᠯᠭᠡᠨ ᠳᠦ 
 ᠡᠷᠲᠡᠨ ᠦ ᠵᠡᠷᠯᠢᠭ ᠬᠡᠭᠡᠷ᠎ᠡ ᠶᠢᠨ 
 ᠮᠢᠩᠭᠠᠨ ᠪᠤᠮᠠᠨ ᠮᠣᠷᠢᠳ ᠡᠷᠭᠢᠯ᠎ᠡ
 ᠰᠠᠯᠬᠢᠨ ᠬᠣᠢ ᠱᠤᠤᠭᠢᠯ᠎ᠠ
 ᠮᠣᠷᠢᠳ ᠡᠷᠭᠢᠭᠰᠡᠨ ᠪᠠᠢᠬᠤ ᠳᠤ 
 ᠮᠥᠩᠬᠡ ᠲᠡᠭᠷᠢ ᠶᠢᠨ ᠣᠳᠣᠳ ᠣᠢᠷᠠᠬᠠᠨ
 ᠪᠦᠷ ᠴᠦ᠍ ᠰᠣᠷᠮᠤᠤᠰᠤᠨ ᠳᠣᠣᠷᠠᠬᠠᠨ ᠡ 
 ᠣᠳᠣᠳ ᠣᠢᠷᠠᠲᠤᠭᠰᠠᠨ ᠪᠠᠢᠬᠤ ᠳᠤ 
 ᠪᠢᠳᠠᠨᠤᠰ ᠭᠠᠨᠵᠤᠭ᠎ᠠ ᠳᠦᠭᠦᠷᠡᠩ ᠡ 
 ᠭᠠᠬᠠᠢ ᠶᠠᠪᠠᠭᠠᠨ ᠦᠶ᠎ᠡ ᠁ 
 ᠪᠦᠷᠢᠮᠦᠰᠦᠨ ᠲᠤᠢᠯᠪᠤᠷᠢᠲᠠᠢ ᠥᠩᠭᠡᠷᠡᠵᠡᠢ᠃

         2024᠂ 07᠂ 31᠃ 17᠄ 19᠃  ᠮᠢᠨᠦ᠋ᠲ᠃
             ᠰᠢᠯᠦᠭ ᠪᠦᠲᠦᠭᠡᠳᠡᠭ ᠰᠢᠷᠭᠠᠯ ᠬᠠᠳᠠᠨ 
         ᠪᠢᠴᠢᠭ ᠦ᠋ᠨ ᠰᠢᠷᠡᠭᠡᠨ ᠳᠡᠭᠡᠷ᠎ᠡ ᠪᠡᠨ ᠁ 
         ᠬᠥᠬᠡᠬᠣᠲᠠᠨ᠎ᠠ ᠪᠠᠶᠠᠰᠤᠩᠭᠤᠢ ᠪᠦᠲᠦᠭᠡᠪᠡᠢ᠃