ᠳᠡᠭᠵᠢᠬᠦ ᠣᠪᠣᠭ᠎ᠠ ᠮᠢᠨᠢ - ᠱᠠᠷᠠᠢᠳ ᠭᠡᠷᠡᠯ Дэгжих овоо минь-Шарайд ГэрэлDegjikh ovoo mini
ᠳᠡᠭᠵᠢᠬᠦ ᠣᠪᠣᠭ᠎ᠠ ᠮᠢᠨᠢ
ᠦᠭᠡ᠄ ᠤᠷᠠᠨᠪᠢᠯᠢᠭ᠌
ᠠᠶ᠎ᠠ᠄ ᠱᠠᠷᠠᠢᠳ ᠭᠡᠷᠡᠯ
ᠬᠥᠭᠵᠢᠮ ᠨᠠᠢᠷᠠᠭᠤᠯᠤᠭᠰᠠᠨ᠄ ᠠᠯᠲᠠᠨᠭᠡᠷᠡᠯ
ᠳᠠᠭᠤᠴᠢᠨ᠄ ᠱᠠᠷᠠᠢᠳ ᠭᠡᠷᠡᠯ
ᠥᠷᠯᠥᠭᠡᠨ ᠦ᠌ ᠨᠠᠷᠠ ᠶ᠋ᠢ ᠠᠩᠬᠠᠯᠠᠨ ᠲᠣᠰᠳᠠᠭ
ᠡᠷᠭᠦᠴᠡ ᠥᠨᠳᠥᠷ ᠲᠡᠢ ᠳᠡᠭᠵᠢᠬᠦ ᠣᠪᠣᠭ᠎ᠠ ᠮᠢᠨᠦ
ᠡᠪᠦᠭᠡ ᠳᠡᠭᠡᠳᠦᠰ ᠡᠴᠡ ᠮᠢᠨᠢ ᠰᠦᠰᠦᠭᠯᠡᠨ ᠲᠠᠬᠢᠬᠰᠠᠨ
ᠥᠯᠵᠡᠢ ᠪᠤᠶᠠᠨᠲᠠᠢ ᠳᠡᠭᠵᠢᠬᠦ ᠣᠪᠣᠭ᠎ᠠ ᠮᠢᠨᠦ
ᠠᠰᠬ᠎ᠠ ᠥᠨᠳᠥᠷ ᠠᠭᠤᠯᠠ ᠬᠠᠳᠠᠨ ᠳ᠋ᠤ᠌ ᠨᠢ
ᠠᠪᠤ ᠶ᠋ᠢᠨ ᠮᠢᠨᠢ ᠰᠤᠷᠭᠠᠯ ᠴᠤᠤᠷᠢᠶᠠᠲᠤᠳᠠᠭ ᠰᠠᠨ
ᠡᠯᠪᠡᠭ ᠲᠠᠯᠪᠢᠭᠤ ᠡᠩᠭᠡᠷ ᠬᠣᠷᠮᠣᠢ ᠳ᠋ᠤ᠌ ᠨᠢ
ᠡᠵᠢ ᠶ᠋ᠢᠨ ᠮᠢᠨᠢ ᠰᠦ ᠦᠨᠦᠷᠲᠦᠳᠡᠭ ᠰᠠᠨ
ᠠᠢ ᠬᠦ ᠳᠡᠭᠵᠢᠬᠦ ᠣᠪᠣᠭ᠎ᠠ ᠮᠢᠨᠦ ᠵᠧ
ᠵᠧ ᠬᠦ ᠳᠡᠭᠵᠢᠬᠦ ᠣᠪᠣᠭ᠎ᠠ ᠮᠢᠨᠦ ᠵᠧ
ᠵᠢᠷᠭᠠᠯᠠᠩᠲᠤ ᠨᠤᠲᠤᠭ ᠤ᠋ᠨ ᠮᠢᠨᠢ ᠪᠠᠷ᠎ᠠ ᠶᠤᠮ ᠳᠠ
ᠵᠢᠷᠭᠠᠯᠲᠠᠢ ᠠᠮᠢᠳᠤᠷᠠᠯ ᠤ᠋ᠨ ᠮᠢᠨᠢ ᠪᠠᠬᠠᠷᠬᠠᠯ ᠶᠤᠮ ᠳᠠ
ᠵᠢᠭᠠᠬᠠᠨ ᠬᠣᠯᠠᠳᠬᠤ ᠪᠠᠷ ᠪᠣᠳᠣᠯ ᠳᠠᠯᠠᠯᠬᠤ
ᠵᠦᠩ ᠰᠣᠪᠢᠩ ᠤ᠋ᠨ ᠬᠡᠯᠬᠢᠶ᠎ᠡ— ᠨᠤᠲᠤᠭ ᠤ᠋ᠨ ᠮᠢᠨᠢ ᠠᠭᠤᠯᠠ ᠠ᠋
ᠪᠠᠶᠠᠨ᠌ᠣ᠋ᠪᠤᠭᠠ ᠶ᠋ᠢᠨ ᠲᠡᠨᠢᠭᠡᠷ ᠳᠡᠨᠵᠢᠨ ᠳ᠋ᠦ᠍ ᠪᠡᠨ
ᠪᠠᠶᠠᠵᠢᠯ ᠬᠤᠷᠤᠢᠯᠠᠭᠰᠠᠨ ᠳᠡᠭᠵᠢᠬᠦ ᠣᠪᠣᠭ᠎ᠠ ᠮᠢᠨᠦ
ᠪᠠᠭᠠᠲᠤᠷ ᠵᠣᠷᠢᠭ ᠲᠠᠢ ᠮᠠᠯᠴᠢᠨ ᠲᠦᠮᠡᠨ ᠦ᠌ ᠮᠢᠨᠦ
ᠪᠤᠶᠠᠨ ᠤ᠋ ᠢᠪᠡᠭᠡᠯ ᠲᠡᠢ ᠳᠡᠭᠵᠢᠬᠦ ᠣᠪᠣᠭ᠎ᠠ ᠮᠢᠨᠦ
ᠪᠠᠭ᠎ᠠ ᠪᠠᠯᠴᠢᠷ ᠨᠠᠰᠤᠨ ᠠ᠋ᠴᠠ ᠮᠢᠨᠢ
ᠪᠠᠬᠠᠷᠬᠠᠵᠤ ᠥᠰᠦᠭᠰᠡᠨ ᠳᠡᠭᠵᠢᠬᠦ ᠣᠪᠣᠭ᠎ᠠ ᠮᠢᠨᠦ
ᠪᠠᠶᠠᠨ ᠰᠦᠷᠦᠭ ᠨᠢ ᠨᠠᠯᠠᠢᠨ ᠲᠠᠷᠬᠠᠭᠰᠠᠨ
ᠪᠤᠭᠤᠷᠤᠯ ᠤ᠋ᠨ ᠮᠢᠨᠢ ᠡᠪᠦᠷ ᠰᠢᠭ ᠳᠡᠭᠵᠢᠬᠦ ᠨᠠᠷᠠᠨ ᠮᠢᠨᠦ
ᠠᠢ ᠬᠦ ᠳᠡᠭᠵᠢᠬᠦ ᠣᠪᠣᠭ᠎ᠠ ᠮᠢᠨᠦ ᠵᠧ
ᠵᠧ ᠬᠦ ᠳᠡᠭᠵᠢᠬᠦ ᠨᠠᠷᠠᠨ ᠮᠢᠨᠦ ᠵᠧ
ᠠᠢ ᠬᠦ ᠳᠡᠭᠵᠢᠬᠦ ᠣᠪᠣᠭ᠎ᠠ ᠮᠢᠨᠦ ᠵᠧ
ᠵᠧ ᠬᠦ ᠳᠡᠭᠵᠢᠬᠦ ᠨᠠᠷᠠᠨ ᠮᠢᠨᠦ ᠵᠧ
ᠬᠤᠷᠤᠢ ᠬᠤᠷᠤᠢ ᠬᠤᠷᠤᠢ ᠬᠤᠷᠤᠢ
ᠦᠰᠦᠭ ᠠᠮᠢᠯᠠᠭᠤᠯᠤᠭᠰᠠᠨ ᠨᠢ᠄ ᠰᠣᠳᠣ
ᠦᠰᠦᠭ ᠬᠠᠲᠠᠭᠰᠠᠨ ᠨᠢ᠄ ᠰᠣᠳᠣ
ᠬᠢᠨᠠᠭᠴᠢ᠄ ᠢᠷᠡᠭᠡᠳᠦᠢ
