ᠲᠠᠤᠯᠠᠢ-ᠲᠣᠭᠮᠢᠳ ᠤ᠋ᠨ ᠴᠡᠪᠩᠮᠢᠳТуулай-ДогмидынЦэвнмядTuulai ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠤᠯᠠᠢ-ᠲᠣᠭᠮᠢᠳ ᠤ᠋ᠨ ᠴᠡᠪᠩᠮᠢᠳТуулай-ДогмидынЦэвнмядTuulai

ᠲᠠᠤᠯᠠᠢ-ᠲᠣᠭᠮᠢᠳ ᠤ᠋ᠨ ᠴᠡᠪᠩᠮᠢᠳТуулай-ДогмидынЦэвнмядTuulai

2024-08-17

438

ᠲᠠᠤᠯᠠᠢ

   ᠲᠣᠭᠮᠢᠳ ᠤ᠋ᠨ ᠴᠡᠪᠩᠮᠢᠳ 

ᠪᠣᠷᠣᠬᠠᠨ ᠰᠠᠭᠠᠷᠠᠯ ᠲᠠᠤᠯᠠᠢ 
ᠪᠦᠩ ᠪᠦᠩ ᠦᠰᠦᠷᠴᠦ 
ᠪᠣᠷᠣᠯᠵᠢ ᠰᠢᠭᠤᠢ ᠶ᠋ᠢᠨ ᠳᠤᠮᠳᠠᠭᠤᠷ 
ᠳᠡᠯᠳᠡᠩ ᠳᠡᠯᠳᠡᠩ ᠳᠡᠪᠬᠡᠷᠦᠭᠰᠡᠭᠡᠷ 

ᠪᠣᠰᠤᠭ᠎ᠠ ᠬᠣᠶᠠᠷ ᠴᠢᠬᠢ ᠨᠢ 
ᠰᠡᠷᠲᠡᠩ ᠰᠡᠷᠲᠡᠩ ᠬᠠᠢᠴᠢᠯᠠᠵᠤ 
ᠪᠣᠭᠣᠨᠢ ᠬᠠᠷᠠᠬᠠᠨ ᠰᠡᠭᠦᠯ ᠨᠢ 
ᠭᠣᠳᠣᠰ ᠭᠣᠳᠣᠰ ᠬᠥᠳᠡᠯᠦᠨ᠎ᠡ᠃

ᠳᠠᠷᠠᠰᠤ ᠪᠤᠲᠠ ᠶ᠋ᠢᠨ ᠳᠡᠭᠡᠭᠦᠷ
ᠳᠡᠭᠡᠷ᠎ᠡ ᠳᠡᠭᠡᠷ᠎ᠡ ᠬᠠᠷᠠᠢᠵᠤ
ᠬᠠᠭᠳᠠ ᠡᠪᠡᠰᠦᠨ ᠦ᠌ ᠳᠡᠭᠡᠭᠦᠷ
ᠬᠠᠯᠲᠤ ᠮᠥᠯᠲᠥ ᠦᠵᠡᠭᠳᠡᠬᠦ ᠳ᠋ᠦ᠍ 

ᠤᠷᠢᠬᠠᠨ ᠬᠥᠭᠡᠷᠦᠬᠦᠨ ᠬᠣᠰᠢᠭᠤ ᠨᠢ
ᠱᠦᠮᠪᠦᠰ ᠱᠦᠮᠪᠣᠰ ᠬᠥᠳᠡᠯᠵᠦ
ᠤᠷᠤᠰᠬᠠᠯ ᠨᠣᠮᠣᠬᠠᠨ ᠨᠢᠳᠦ ᠨᠢ
ᠪᠦᠯᠲᠡᠰ ᠪᠦᠯᠲᠡᠰ ᠠᠨᠢᠪᠬᠢᠯᠠᠨ᠎ᠠ᠃

ᠡᠷᠴᠢᠲᠦ ᠬᠥᠯ ᠦ᠋ᠨ ᠬᠦᠷᠳᠦᠨ ᠳ᠋ᠦ᠍
ᠠᠭᠤᠵᠢᠮ ᠳᠡᠯᠡᠬᠡᠢ ᠲᠣᠪᠴᠢᠯᠠᠭᠳᠠᠵᠤ
ᠢᠷᠲᠦ ᠰᠢᠳᠦᠨ ᠦ᠌ ᠬᠦᠴᠦᠨ ᠳ᠋ᠦ᠍
ᠤᠷᠠᠨ ᠵᠢᠷᠤᠭ ᠰᠡᠢᠯᠦᠭᠳᠡᠭᠡᠳ

 
ᠡᠪᠦᠭᠡᠨ ᠠᠪᠤ ᠶ᠋ᠢᠨ ᠡᠪᠡᠰᠦᠨ ᠳ᠋ᠦ᠍
ᠦᠳᠡᠰᠢ ᠶ᠋ᠢᠨ ᠪᠦᠷᠦᠭ ᠢ᠋ᠶ᠋ᠡᠷ ᠠᠢᠯᠴᠢᠯᠠᠵᠤ
ᠥᠴᠦᠬᠡᠨ ᠪᠠᠭ᠎ᠠ ᠪᠥᠵᠥᠩ ᠳ᠋ᠡᠭᠡᠨ
ᠠᠮᠢᠳᠤᠷᠠᠯ ᠤ᠋ᠨ ᠵᠠᠮ ᠢ᠋ ᠰᠤᠷᠭᠠᠨ᠎ᠠ᠃

         1932 ᠣᠨ
   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ ᠪᠠᠭᠰᠢ᠄ ᠴᠡᠴᠡᠭ᠂ ᠣᠳᠬᠠᠨᠰᠣ᠎ᠠ