ᠪᠢ ᠪᠦᠲᠦᠯ ᠦᠭᠡᠢ ᠬᠥᠮᠦᠨ -ᠯ·ᠨᠠᠰᠤᠨ᠌ᠤ᠋ᠷᠲᠤ Би бүтэлгүй хүн-Л·Наснурт
ᠪᠢ ᠪᠦᠲᠦᠯ ᠦᠭᠡᠢ ᠬᠥᠮᠦᠨ
ᠯ·ᠨᠠᠰᠤᠨ᠌ᠤ᠋ᠷᠲᠤ
ᠰᠠᠷᠠᠨ ᠤ᠋ ᠭᠡᠷᠡᠯ ᠳ᠋ᠦ᠍ ᠢᠪᠡᠭᠡᠭᠳᠡᠨ ᠨᠠᠷᠠᠨ ᠤ᠋ ᠢᠯᠴᠢ ᠳ᠋ᠦ᠍ ᠲᠣᠷᠨᠢᠭᠰᠠᠨ
ᠰᠠᠨᠠᠭ᠎ᠠ ᠴᠠᠢᠯᠭᠠᠨ ᠰᠡᠳᠬᠢᠯ ᠠᠷᠢᠭᠤᠨ ᠮᠣᠩᠭᠣᠯ ᠲᠦᠮᠡᠨ ᠮᠢᠨᠦ
ᠰᠠᠨᠰᠠᠷ ᠤ᠋ᠨ ᠣᠳᠣᠳ ᠤ᠋ᠨ ᠲᠣᠭ᠎ᠠ ᠪᠠᠷ ᠨᠠᠢᠷᠠᠭ ᠨᠡᠷᠡᠵᠦ ᠰᠢᠯᠦᠭ ᠬᠡᠯᠬᠢᠨ
ᠱᠠᠰᠲᠢᠷ ᠲᠡᠦᠬᠡᠨ ᠠᠯᠲᠠᠨ ᠵᠢᠯᠣᠭᠣ ᠰᠤᠩᠭᠠᠨ ᠮᠥᠩᠭᠥᠨ ᠳᠥᠷᠥᠭᠡ ᠢᠰᠬᠦᠯᠦᠨ
ᠽᠠᠮᠪᠤᠯᠢᠩ ᠤ᠋ᠨ ᠠᠷᠤ ᠨᠢᠷᠤᠭᠤᠨ ᠳ᠋ᠤ᠌ ᠲᠩᠷᠢ ᠲᠤᠯᠭᠠᠭᠤᠷᠢᠯᠠᠨ ᠰᠡᠬᠦᠢᠨ
ᠰᠠᠪᠠ ᠶᠢᠷᠲᠢᠨᠴᠦ ᠶ᠋ᠢᠨ ᠵᠥᠭᠡᠯᠡᠨ ᠬᠥᠷᠥᠰᠥᠨ ᠳ᠋ᠦ᠍ ᠡᠷ᠎ᠡ ᠪᠣᠰᠤᠭ᠎ᠠ ᠶᠠᠪᠤᠭ᠎ᠠ ᠤᠤ
ᠪᠢ
ᠪᠥᠮᠪᠥᠷᠴᠡᠭ ᠦ᠋ᠨ ᠡᠯᠢᠭᠡᠨ ᠳ᠋ᠦ᠍ ᠪᠦᠲᠦᠯ ᠦᠭᠡᠢ ᠶᠠᠪᠤᠭᠰᠠᠨ ᠲᠣᠭ᠎ᠠ ᠲᠠᠢ ᠬᠡᠳᠦᠨ ᠬᠥᠮᠦᠰ ᠦ᠋ᠨ ᠨᠢᠭᠡᠨ ᠶᠦᠮ
ᠪᠢᠷ ᠪᠠᠷᠢᠭᠠᠳ ᠪᠢᠯᠢᠭ ᠪᠢᠳᠠᠭᠤ ᠪᠡᠶ᠎ᠡ ᠶ᠋ᠢᠨ ᠬᠥᠳᠡᠯᠮᠦᠷᠢ ᠳ᠋ᠦ᠍ ᠲᠤᠷᠪᠢ ᠳᠤᠲᠠᠭᠤ
ᠪᠢᠯᠳᠠᠤᠴᠢᠯᠠᠵᠤ ᠴᠢᠳᠠᠬᠤ ᠦᠭᠡᠢ ᠪᠠᠭᠠᠲᠤᠷᠯᠠᠵᠤ ᠳᠡᠢᠯᠬᠦ ᠦᠭᠡᠢ
ᠪᠢᠯᠢᠭ ᠥᠯᠥᠨ ᠶᠢᠷᠲᠢᠨᠴᠦ ᠲᠣᠭᠣᠷᠢᠭᠰᠠᠨ ᠲᠡᠨᠦᠭᠦᠯᠴᠢᠨ ᠶᠦᠮ
ᠪᠢ
ᠮᠠᠨᠵᠤ ᠴᠢᠩ ᠳ᠋ᠦ᠍ ᠮᠢᠬ᠎ᠠ ᠪᠠᠨ ᠲᠠᠰᠤᠳᠠᠭᠤᠯᠤᠨ
ᠮᠠᠨᠢ ᠶ᠋ᠢᠨ ᠲᠠᠷᠨᠢ ᠪᠠᠷ ᠰᠡᠳᠬᠢᠯ ᠢ᠋ᠶ᠋ᠡᠨ ᠠᠷᠭᠠᠳᠠᠨ
ᠮᠠᠩᠰᠢᠭᠤᠷᠠᠬᠤ ᠵᠡᠭᠦᠳᠦᠨ ᠳ᠋ᠡᠭᠡᠨ ᠬᠡᠳᠦᠨ ᠵᠠᠭᠤᠨ ᠢ᠋ᠶ᠋ᠠᠷ ᠨᠣᠢᠷᠮᠤᠭᠯᠠᠭᠰᠠᠨ
ᠮᠣᠩᠭᠣᠯ ᠤ᠋ᠨ ᠪᠦᠲᠦᠯ ᠦᠭᠡᠢ ᠲᠣᠭ᠎ᠠ ᠲᠠᠢ ᠬᠡᠳᠦᠨ ᠦ᠌ ᠨᠢᠭᠡᠨ ᠶᠦᠮ
ᠮᠢᠨᠦ᠂ ᠮᠡᠳᠡᠷᠡᠯ ᠰᠠᠷᠠᠯ ᠣᠶᠤᠨ ᠤᠬᠠᠭᠠᠨ ᠣᠢ ᠪᠢᠯᠢᠭ
ᠮᠠᠯᠲᠠᠯ ᠴᠥᠯᠪᠡᠲᠡᠯ ᠢ᠋ ᠡᠷᠡᠰ ᠲᠡᠪᠴᠢᠭᠰᠡᠨ ᠥᠭᠭᠢᠶᠡᠮᠦᠷ ᠬᠠᠢᠷ᠎ᠠ ᠴᠢᠩ ᠵᠣᠷᠢᠭ
ᠮᠠᠯᠵᠢᠯ ᠠᠮᠢᠳᠤᠷᠠᠯ ᠨᠡᠭᠦᠳᠡᠯ ᠰᠣᠶᠣᠯ ᠢ᠋ᠶ᠋ᠠᠷ ᠪᠠᠢᠭᠠᠯᠢ ᠪᠠᠨ ᠥᠷᠥᠪᠴᠢᠯᠡᠭᠰᠡᠨ ᠨᠢᠩᠵᠢᠨ ᠰᠡᠳᠬᠢᠯ
ᠮᠠᠷᠭᠤᠰᠢ ᠦᠭᠡᠢ ᠦᠨᠡᠨ ᠶᠣᠰᠣᠨ ᠮᠠᠷᠲᠠᠰᠢ ᠦᠭᠡᠢ ᠬᠠᠲᠠᠭᠤ ᠲᠠᠩᠭᠠᠷᠢᠭ ᠬᠠᠮᠢᠭ᠎ᠠ ᠶᠠᠪᠤᠯ᠎ᠠ
ᠪᠢ
ᠲᠩᠷᠢᠯᠢᠭ ᠦᠨᠳᠦᠰᠦᠲᠡᠨ ᠭᠡᠵᠦ ᠴᠡᠭᠡᠵᠢ ᠪᠡᠨ ᠳᠡᠯᠡᠳᠦᠨ
ᠲᠢᠪ ᠡᠷᠬᠡᠰᠢᠶᠡᠭᠰᠡᠨ ᠳ᠋ᠡᠭᠡᠨ ᠰᠡᠳᠬᠢᠯ ᠬᠠᠨᠤᠨ
ᠳᠡᠭᠡᠳᠦᠰ ᠦ᠋ᠨ ᠪᠠᠢᠭᠤᠯᠤᠭᠰᠠᠨ ᠴᠢᠰᠤᠨ ᠭᠠᠪᠢᠶ᠎ᠠ ᠶ᠋ᠢ ᠮᠠᠩᠨᠠᠢ ᠳ᠋ᠠᠭᠠᠨ ᠨᠠᠭᠠᠭᠰᠠᠨ
ᠲᠡᠦᠬᠡᠲᠦ ᠮᠣᠩᠭᠣᠯ ᠤ᠋ᠨ ᠲᠣᠭ᠎ᠠ ᠲᠠᠢ ᠬᠡᠳᠦᠨ ᠪᠦᠲᠦᠯ ᠦᠭᠡᠢ ᠶ᠋ᠢᠨ ᠨᠢᠭᠡᠨ ᠶᠦᠮ
ᠪᠢ
ᠪᠤᠷᠬᠠᠨ ᠡᠵᠢ ᠶ᠋ᠢᠨ ᠠᠯᠲᠠᠨ ᠬᠡᠪᠡᠯᠢ ᠡᠴᠡ ᠠᠯᠠᠭ ᠬᠣᠷᠸ᠎ᠠ ᠳ᠋ᠤ᠌ ᠵᠠᠶᠠᠭᠠᠭᠰᠠᠨ ᠶᠤᠮ
ᠪᠣᠷᠣ ᠲᠠᠯ᠎ᠠ ᠶ᠋ᠢᠨ ᠲᠣᠷᠭᠠᠨ ᠬᠥᠷᠥᠰᠥᠨ ᠳ᠋ᠦ᠍ ᠲᠣᠭᠯᠠᠨ ᠪᠠᠢᠵᠤ ᠥᠰᠦᠭᠰᠡᠨ ᠶᠦᠮ
ᠪᠤᠭᠤᠷᠤᠯ ᠨᠤᠲᠤᠭ ᠲᠠᠭᠠᠨ ᠮᠥᠩᠬᠡ ᠣᠷᠣᠰᠢᠬᠤ ᠪᠣᠭᠳᠠ ᠴᠢᠩᠭᠢᠰ ᠦ᠋ᠨ ᠦᠷᠡᠰ ᠶᠦᠮ
ᠪᠦᠲᠦᠯ ᠦᠭᠡᠢ ᠮᠤᠩᠬᠠᠭ ᠴᠣᠯᠠ ᠳ᠋ᠠᠭᠠᠨ ᠣᠨ ᠵᠢᠯ ᠢ᠋ᠶ᠋ᠡᠷ ᠬᠡᠰᠦᠭᠰᠡᠭᠡᠷ ᠶᠦᠮ
ᠤᠰᠤᠨ ᠤ᠋ ᠠᠯᠤᠰ ᠠᠭᠤᠯᠠᠨ ᠴᠠᠭᠠᠨᠠᠬᠢ ᠭᠠᠩᠭ᠎ᠠ ᠵᠢᠯᠠᠭ᠎ᠠ ᠶ᠋ᠢ ᠳᠤᠭᠤᠯᠤᠮᠠᠨᠵᠢᠨ ᠰᠠᠶᠢ
ᠤᠳᠪᠠᠯᠠ ᠰᠠᠷᠠᠯᠠᠩ ᠥᠩᠭᠡ ᠢᠯᠭᠠᠷᠠᠭᠰᠠᠨ ᠲᠠᠩᠰᠤᠭ ᠨᠣᠭᠣᠭᠠᠨ ᠲᠠᠯ᠎ᠠ ᠪᠣᠢ
ᠣᠰᠣᠯ ᠠᠯᠳᠠᠭ᠎ᠠ ᠴᠠᠯᠠᠭᠠᠢ ᠪᠤᠷᠤᠭᠤ ᠪᠠᠨ ᠪᠦᠷᠢᠨ ᠲᠥᠬᠥᠷ ᠵᠠᠯᠠᠷᠠᠭᠤᠯᠤᠮᠠᠨᠵᠢᠨ ᠰᠠᠶᠢ
ᠣᠷᠭᠢᠯ ᠳ᠋ᠤ᠌ ᠭᠠᠷᠬᠤ ᠣᠮᠣᠭ ᠵᠣᠷᠢᠭ ᠬᠡᠬᠦᠳᠡᠭ ᠴᠡᠭᠡᠵᠢᠨ ᠳ᠋ᠦ᠍ ᠬᠥᠪᠴᠢᠯᠡᠭᠳᠡᠬᠦ ᠶᠦᠮ
ᠭᠠᠷᠭᠠᠭᠰᠠᠨ ᠠᠯᠳᠠᠭ᠎ᠠ ᠳ᠋ᠠᠭᠠᠨ ᠰᠡᠳᠬᠢᠯ ᠦ᠋ᠨ ᠤᠭ ᠠ᠋ᠴᠠ ᠪᠠᠨ ᠤᠬᠠᠭᠠᠷᠠᠳᠠᠭ ᠢ᠋ ᠰᠡᠬᠡᠭᠡᠷᠡᠯ ᠭᠡᠳᠡᠭ
ᠭᠠᠷᠤᠭᠰᠠᠨ ᠬᠡᠷᠡᠭ ᠦ᠋ᠨ ᠡᠭᠦᠰᠦᠯ ᠢᠷᠡᠯ ᠢ᠋ ᠰᠤᠪᠢᠵᠤ ᠣᠯᠬᠤ ᠶ᠋ᠢ ᠰᠠᠷᠠᠯ ᠭᠡᠳᠡᠭ
ᠭᠠᠵᠢᠭᠤ ᠪᠠᠨ ᠲᠡᠪᠴᠢᠨ ᠮᠤᠰᠢᠭᠠᠢ ᠪᠠᠨ ᠵᠠᠰᠠᠪᠠᠯ ᠰᠢᠯᠤᠭᠤᠨ ᠪᠣᠯᠳᠠᠭ
ᠭᠠᠢᠬᠠᠮᠰᠢᠭᠲᠤ ᠦᠢᠯᠡᠰ ᠦ᠋ᠨ ᠲᠣᠷᠭᠠᠨ ᠵᠢᠯᠣᠭᠣ ᠶ᠋ᠢ ᠡᠵᠡᠮᠳᠡᠨ ᠴᠢᠳᠠᠳᠠᠭ ᠠ᠋
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ᠎ᠠ ᠂ ᠭᠠᠷᠮ᠎ᠠ
