ᠡᠨᠡᠷᠢᠯᠲᠦ ᠪᠠᠭᠰᠢ ᠮᠢᠨᠢ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠨᠡᠷᠢᠯᠲᠦ ᠪᠠᠭᠰᠢ ᠮᠢᠨᠢ-ᠮᠠᠨᠳᠤᠬᠤ ᠪᠠᠭᠰᠢ ᠶᠢᠨ ᠤᠷᠠᠨ ᠪᠢᠴᠢᠯᠭᠡ

ᠡᠨᠡᠷᠢᠯᠲᠦ ᠪᠠᠭᠰᠢ ᠮᠢᠨᠢ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-08-17

1037

ᠡᠨᠡᠷᠢᠯᠲᠦ ᠪᠠᠭᠰᠢ ᠮᠢᠨᠢ

  

 ᠠᠭᠤᠳᠠᠮ ᠶᠡᠬᠡ ᠮᠡᠳᠡᠯᠭᠡ ᠶ᠋ᠢᠨ ᠳᠠᠯᠠᠢ ᠳ᠋ᠤ᠌ ᠴᠢᠨᠢ  
 ᠤᠯᠠᠷᠢᠯ ᠤ᠋ᠨ ᠰᠢᠪᠠᠭᠤᠳ ᠰᠢᠭ᠋ ᠬᠤᠷᠠᠭᠰᠠᠨ ᠪᠢᠯᠡ   
 ᠠᠷᠢᠭᠤᠨ ᠡᠷᠳᠡᠮ ᠦ᠋ᠨ ᠣᠷᠭᠢᠯ ᠢ᠋ ᠬᠦᠷᠲᠡᠭᠡᠳ   
 ᠠᠯᠤᠰ ᠤ᠋ᠨ ᠠᠯᠤᠰ ᠲᠠᠭᠠᠨ ᠲᠡᠮᠡᠦᠯᠦᠭᠰᠡᠨ ᠪᠢᠯᠡ    
    ᠰᠦ ᠶ᠋ᠢᠨ ᠦᠨᠦᠷ ᠲᠡᠢ ᠤᠶᠠᠬᠠᠨ ᠰᠤᠷᠭᠠᠯ ᠢ᠋ᠶ᠋ᠠᠷ ᠢ᠋ᠶ᠋ᠠᠨ  
    ᠴᠡᠴᠡᠭᠡᠰ ᠪᠣᠯᠭᠠᠨ ᠳᠡᠯᠭᠡᠷᠡᠭᠦᠯᠦᠭᠰᠡᠨ ᠪᠢᠯᠡ   
    ᠨᠠᠷᠠᠨ ᠤ᠋ ᠢᠯᠴᠢᠲᠦ ᠳᠤᠯᠠᠭᠠᠬᠠᠨ ᠢᠪᠡᠭᠡᠯ ᠢ᠋ᠶ᠋ᠡᠷ ᠢ᠋ᠶ᠋ᠡᠨ   
    ᠨᠠᠪᠴᠢ ᠨᠢ ᠪᠣᠯᠭᠠᠨ ᠨᠠᠬᠢᠶᠠᠯᠠᠭᠤᠯᠤᠭᠰᠠᠨ ᠪᠢᠯᠡ   
    ᠥᠨᠳᠥᠷ ᠲᠩᠷᠢ ᠰᠢᠭ ᠠᠴᠢᠲᠠᠢ ᠪᠠᠭᠰᠢ ᠮᠢᠨᠢ   
    ᠥᠷᠭᠡᠨ ᠲᠠᠯ᠎ᠠ ᠰᠢᠭ᠋ ᠡᠨᠡᠷᠢᠯ ᠲᠡᠢ ᠪᠠᠭᠰᠢ ᠮᠢᠨᠢ   
 ᠬᠠᠢᠷ᠎ᠠ ᠶ᠋ᠢᠨ ᠬᠡᠰᠢᠭ ᠪᠢᠯᠬᠠᠷᠠᠭᠰᠠᠨ ᠨᠠᠭᠤᠷ ᠲᠤ᠌ ᠴᠢᠨᠢ   
 ᠬᠠᠪᠤᠷ ᠤ᠋ᠨ ᠰᠢᠪᠠᠭᠤᠳ ᠰᠢᠭ᠋ ᠴᠤᠭᠯᠠᠷᠠᠭᠰᠠᠨ ᠪᠢᠯᠡ    
 ᠣᠶᠤᠨ ᠤᠬᠠᠭᠠᠨ ᠤ᠋ ᠡᠷᠬᠢᠮ ᠢ᠋ ᠴᠢᠨᠢ ᠰᠤᠷᠤᠭᠠᠳ   
 ᠨᠠᠮᠤᠷ ᠤ᠋ᠨ ᠰᠢᠪᠠᠭᠤᠳ ᠰᠢᠭ᠋ ᠨᠢᠰᠦᠭᠰᠡᠨ ᠪᠢᠯᠡ   
    ᠰᠦ ᠶ᠋ᠢᠨ ᠦᠨᠦᠷ ᠲᠡᠢ ᠤᠶᠠᠬᠠᠨ ᠰᠤᠷᠭᠠᠯ ᠢ᠋ᠶ᠋ᠠᠷ ᠢ᠋ᠶ᠋ᠠᠨ  
    ᠴᠡᠴᠡᠭᠡᠰ ᠪᠣᠯᠭᠠᠨ ᠳᠡᠯᠭᠡᠷᠡᠭᠦᠯᠦᠭᠰᠡᠨ ᠪᠢᠯᠡ   
    ᠨᠠᠷᠠᠨ ᠤ᠋ ᠢᠯᠴᠢᠲᠦ ᠳᠤᠯᠠᠭᠠᠨ ᠢᠪᠡᠭᠡᠯ ᠢ᠋ᠶ᠋ᠡᠷ ᠢ᠋ᠶ᠋ᠡᠨ   
    ᠨᠠᠪᠴᠢ ᠨᠢ ᠪᠣᠯᠭᠠᠨ ᠨᠠᠬᠢᠶᠠᠯᠠᠭᠤᠯᠤᠭᠰᠠᠨ ᠪᠢᠯᠡ    
    ᠥᠨᠳᠥᠷ ᠲᠩᠷᠢ ᠰᠢᠭ ᠠᠴᠢᠲᠠᠢ ᠪᠠᠭᠰᠢ ᠮᠢᠨᠢ  
    ᠥᠷᠭᠡᠨ ᠲᠠᠯ᠎ᠠ ᠰᠢᠭ᠋ ᠡᠨᠡᠷᠢᠯ ᠲᠡᠢ ᠪᠠᠭᠰᠢ ᠮᠢᠨᠢ  
 ᠪᠤᠶᠠᠨᠲᠤ ᠰᠠᠢᠬᠠᠨ ᠡᠷᠳᠡᠨᠢ ᠶ᠋ᠢᠨ ᠬᠣᠢᠮᠣᠷ ᠲᠤ᠌ ᠴᠢᠨᠢ  
 ᠵᠡᠭᠡᠷ᠎ᠡ ᠶ᠋ᠢᠨ ᠰᠦᠷᠦᠭ ᠰᠢᠭ ᠬᠤᠢᠯᠠᠷᠠᠭᠰᠠᠨ ᠪᠢᠯᠡ  
 ᠬᠦᠴᠦ ᠲᠠᠮᠢᠷ ᠤ᠋ᠨ ᠰᠢᠮ᠎ᠡ ᠶ᠋ᠢ ᠡᠪᠦᠷᠲᠦᠯᠡᠭᠡᠳ   
 ᠠᠷᠪᠠᠨ ᠵᠦᠭ ᠲᠡᠭᠡᠨ ᠳᠠᠪᠬᠢᠭᠰᠠᠨ ᠪᠢᠯᠡ   
     ᠰᠦ ᠶ᠋ᠢᠨ ᠦᠨᠦᠷ ᠲᠡᠢ ᠤᠶᠠᠬᠠᠨ ᠰᠤᠷᠭᠠᠯ ᠢ᠋ᠶ᠋ᠠᠷ ᠢ᠋ᠶ᠋ᠠᠨ  
     ᠴᠡᠴᠡᠭᠡᠰ ᠪᠣᠯᠭᠠᠨ ᠳᠡᠯᠭᠡᠷᠡᠭᠦᠯᠦᠭᠰᠡᠨ ᠪᠢᠯᠡ  
     ᠨᠠᠷᠠᠨ ᠤ᠋ ᠢᠯᠴᠢᠲᠦ ᠳᠤᠯᠠᠭᠠᠨ ᠢᠪᠡᠭᠡᠯ ᠢ᠋ᠶ᠋ᠡᠷ ᠢ᠋ᠶ᠋ᠡᠨ   
     ᠨᠠᠪᠴᠢ ᠨᠢ ᠪᠣᠯᠭᠠᠨ ᠨᠠᠬᠢᠶᠠᠯᠠᠭᠤᠯᠤᠭᠰᠠᠨ ᠪᠢᠯᠡ   
     ᠥᠨᠳᠥᠷ ᠲᠩᠷᠢ ᠰᠢᠭ ᠠᠴᠢᠲᠠᠢ ᠪᠠᠭᠰᠢ ᠮᠢᠨᠢ   
     ᠥᠷᠭᠡᠨ ᠲᠠᠯ᠎ᠠ ᠰᠢᠭ᠋ ᠡᠨᠡᠷᠢᠯ ᠲᠡᠢ ᠪᠠᠭᠰᠢ ᠮᠢᠨᠢ᠃ 

        ᠮᠠᠨᠳᠤᠬᠤ ᠤᠷᠠᠯᠠᠨ ᠪᠢᠴᠢᠵᠦ᠂
           ᠠᠯᠲᠠᠨᠰᠥ᠋ᠮᠪᠥᠷ ᠦᠰᠦᠭ ᠢ᠋ ᠠᠮᠢᠯᠠᠭᠤᠯᠪᠠ᠂ 
             ᠬᠢᠨᠠᠭᠴᠢ᠄ ᠲᠤᠶᠠᠭ᠎ᠠ᠂ ᠲᠦᠮᠡᠨᠴᠡᠴᠡᠭ 
             ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ