ᠮᠣᠩᠭᠣᠯ-ᠯ· ᠨᠠᠰᠤᠨ᠌ᠤ᠋ᠷᠲᠤМонгол-Л·Наснурт
ᠮᠣᠩᠭᠣᠯ
ᠯ·ᠨᠠᠰᠤᠨ᠌ᠤ᠋ᠷᠲᠤ
ᠪᠡᠶ᠎ᠡ ᠮᠢᠨᠢ ᠮᠣᠩᠭᠣᠯ
ᠪᠢᠯᠢᠭ ᠮᠢᠨᠢ ᠮᠣᠩᠭᠣᠯ
ᠪᠢᠰᠬᠢᠭᠦᠷ ᠦ᠋ᠨ ᠦᠶᠡᠯᠵᠡᠭᠡᠨ ᠢ᠋ᠶ᠋ᠡᠷ ᠬᠠᠩᠭᠢᠨᠠᠭᠰᠠᠨ ᠠᠶ᠎ᠠ ᠳᠠᠭᠤᠤ ᠮᠢᠨᠢ ᠮᠣᠩᠭᠣᠯ
ᠪᠢᠷ ᠦ᠋ᠨ ᠦᠵᠦᠭᠦᠷ ᠡᠴᠡ ᠰᠠᠳᠠᠷᠠᠭᠰᠠᠨ ᠨᠠᠢᠷᠠᠭ ᠰᠢᠯᠦᠭ ᠮᠢᠨᠢ ᠮᠣᠩᠭᠣᠯ ᠠ᠋
ᠰᠣᠶᠣᠯ ᠮᠢᠨᠢ ᠮᠣᠩᠭᠣᠯ
ᠰᠤᠷᠲᠠᠯ ᠮᠢᠨᠢ ᠮᠣᠩᠭᠣᠯ
ᠰᠤᠳᠠᠯ ᠢ᠋ᠶ᠋ᠠᠷ ᠤᠷᠤᠰᠬᠤ ᠵᠢᠷᠦᠬᠡᠨ ᠴᠢᠰᠤ ᠮᠢᠨᠢ ᠮᠣᠩᠭᠣᠯ
ᠰᠤᠳᠤᠷ ᠪᠢᠴᠢᠭ ᠲᠦ᠍ ᠳᠤᠷᠠᠢᠭᠰᠠᠨ ᠢᠯᠠᠭᠳᠠᠰᠢ ᠦᠭᠡᠢ ᠲᠡᠦᠬᠡ ᠮᠢᠨᠢ ᠮᠣᠩᠭᠣᠯ ᠠ᠋
ᠠᠢᠯ ᠠᠢᠯ ᠤ᠋ᠨ ᠢᠰᠡᠭᠡᠢ ᠪᠦᠷᠢᠶᠡᠰᠦ ᠨᠢ ᠮᠣᠩᠭᠣᠯ
ᠠᠩᠬᠢᠯᠤᠮ᠎ᠠ ᠦᠨᠦᠷ ᠬᠠᠩᠬᠤᠯᠤᠭᠰᠠᠨ ᠰᠦ ᠲᠡᠢ ᠴᠠᠢ ᠨᠢ ᠮᠣᠩᠭᠣᠯ
ᠠᠬᠠᠮᠠᠳ ᠢ᠋ᠶ᠋ᠠᠨ ᠬᠦᠨᠳᠦᠯᠡᠬᠦ ᠠᠷᠢᠭᠤᠨ ᠵᠠᠩᠰᠢᠯ ᠨᠢ ᠮᠣᠩᠭᠣᠯ
ᠠᠰᠪᠤᠷᠢ ᠰᠢᠯᠤᠭᠤᠨ ᠠᠭᠠᠯᠢ ᠲᠠᠢ ᠰᠢᠯᠢᠳᠡᠭ ᠠᠷᠠᠨᠰᠢᠨ ᠨᠢ ᠮᠣᠩᠭᠣᠯ ᠠ᠋
ᠰᠠᠷᠠᠯᠠᠩ ᠴᠡᠴᠡᠭ ᠳᠡᠯᠭᠡᠷᠡᠭᠰᠡᠨ ᠰᠠᠷᠠᠭᠤᠯ ᠲᠠᠯ᠎ᠠ ᠮᠢᠨᠢ ᠮᠣᠩᠭᠣᠯ
ᠰᠠᠴᠤᠷᠠᠭ ᠨᠠᠷᠠᠨ ᠤ᠋ ᠲᠤᠶᠠᠭ᠎ᠠ ᠲᠠᠢ ᠡᠬᠡ ᠪᠠᠢᠭᠠᠯᠢ ᠮᠢᠨᠢ ᠮᠣᠩᠭᠣᠯ
ᠰᠠᠯᠵᠤ ᠶᠠᠳᠠᠭᠰᠠᠨ ᠰᠡᠳᠬᠢᠯᠭᠡ ᠲᠡᠢ ᠲᠥᠷᠥᠭᠰᠡᠨ ᠨᠤᠲᠤᠭ ᠮᠢᠨᠢ ᠮᠣᠩᠭᠣᠯ
ᠰᠠᠨᠠᠭᠰᠠᠨ ᠰᠡᠳᠬᠢᠯ ᠳ᠋ᠦ᠍ ᠬᠣᠨᠣᠭᠰᠢᠭᠰᠠᠨ ᠠᠯᠢᠶ᠎ᠠ ᠬᠣᠩᠭᠣᠷ ᠮᠢᠨᠢ ᠮᠣᠩᠭᠣᠯ ᠠ᠋
ᠲᠤᠩᠭᠠᠯᠠᠭ ᠤᠰᠤᠨ ᠮᠡᠯᠮᠡᠯᠵᠡᠭᠰᠡᠨ ᠭᠣᠣᠯ ᠮᠥᠷᠡᠨ ᠨᠢ ᠮᠣᠩᠭᠣᠯ
ᠲᠣᠭᠣᠷ ᠭᠦᠢᠯᠡᠰᠦ ᠰᠠᠭᠯᠠᠢᠭᠰᠠᠨ ᠠᠭᠤᠯᠠ ᠬᠠᠢᠷᠬᠠᠨ ᠨᠢ ᠮᠣᠩᠭᠣᠯ
ᠲᠤᠰᠠᠭᠠᠷ ᠲᠣᠭᠲᠠᠨᠢᠭᠰᠠᠨ ᠵᠠᠬᠢᠷᠭᠠᠨ ᠲᠠᠢ ᠠᠷᠤ ᠲᠦᠰᠢᠯᠭᠡ ᠮᠢᠨᠢ ᠮᠣᠩᠭᠣᠯ
ᠲᠤᠭᠤᠷᠭᠠᠲᠠᠨ ᠤ᠋ ᠬᠡᠯᠡ ᠪᠡᠨ ᠬᠠᠢᠷᠠᠯᠠᠳᠠᠭ ᠬᠣᠯᠪᠣᠭ᠎ᠠ ᠮᠢᠨᠢ ᠮᠣᠩᠭᠣᠯ ᠠ᠋
ᠳᠡᠭᠡᠳᠦᠰ ᠡᠴᠡ ᠥᠪᠯᠡᠭᠰᠡᠨ ᠭᠣᠯᠣᠮᠲᠠ ᠮᠢᠨᠢ ᠮᠣᠩᠭᠣᠯ
ᠳᠡᠭᠵᠢᠷᠡᠵᠦ ᠥᠭᠡᠳᠡᠯᠡᠭᠰᠡᠨ ᠳᠣᠮᠣᠭ ᠲᠠᠢ ᠨᠠᠮᠲᠠᠷ ᠢ᠋ᠶ᠋ᠠᠨ ᠭᠠᠢᠬᠠᠭᠤᠯᠤᠭᠰᠠᠨ ᠮᠣᠩᠭᠣᠯ
ᠳᠡᠯᠡᠬᠡᠢ ᠶ᠋ᠢ ᠡᠷᠬᠡᠰᠢᠶᠡᠭᠰᠡᠨ ᠲᠡᠦᠬᠡ ᠲᠡᠢ ᠨᠡᠭᠦᠳᠡᠯ ᠰᠣᠶᠣᠯ ᠮᠢᠨᠢ ᠮᠣᠩᠭᠣᠯ
ᠲᠡᠷᠰᠯᠡᠭᠦᠦ ᠡᠲᠡᠭᠡᠳ ᠦ᠋ᠨ ᠰᠦᠨᠡᠰᠦ ᠶ᠋ᠢ ᠲᠠᠯᠬᠢᠳᠠᠨ ᠰᠠᠷᠨᠢᠭᠤᠯᠤᠭᠰᠠᠨ ᠮᠣᠩᠭᠣᠯ ᠠ᠋
ᠪᠣᠭᠳᠠ ᠴᠢᠩᠭᠢᠰ ᠦ᠋ᠨ ᠦᠷᠡᠰ ᠪᠦᠬᠦᠨ ᠢ᠋ᠶ᠋ᠡᠷ ᠢ᠋ᠶ᠋ᠡᠨ ᠮᠣᠩᠭᠣᠯ
ᠪᠣᠷᠵᠢᠭᠢᠨ ᠠᠢᠮᠠᠭ ᠤ᠋ᠨ ᠠᠯᠲᠠᠨ ᠣᠷᠣᠭᠳᠠᠨ ᠥᠪᠴᠢ ᠪᠡᠷ ᠢ᠋ᠶ᠋ᠡᠨ ᠮᠣᠩᠭᠣᠯ
ᠪᠣᠰᠤᠭ᠎ᠠ ᠪᠢᠴᠢᠯᠭᠡ ᠡᠬᠡᠰᠢᠭ ᠳᠣᠯᠣᠭ᠎ᠠ ᠮᠢᠨᠢ ᠮᠣᠩᠭᠣᠯ
ᠪᠥᠮᠪᠥᠷᠴᠡᠭ ᠢ᠋ ᠳᠣᠩᠰᠣᠯᠭᠠᠭᠰᠠᠨ ᠡᠷᠡᠯᠬᠡᠭ ᠬᠦᠴᠦᠨ ᠲᠡᠢ ᠮᠣᠩᠭᠣᠯ ᠠ᠋
ᠪᠥᠷᠲᠡ ᠴᠢᠨᠣ᠎ᠠ ᠶ᠋ᠢᠨ ᠤᠳᠤᠮ ᠢ᠋ᠶ᠋ᠠᠨ ᠤᠯᠠᠮᠵᠢᠯᠠᠵᠤ ᠢᠷᠡᠭᠰᠡᠨ ᠮᠣᠩᠭᠣᠯ
ᠪᠤᠷᠬᠠᠨ ᠬᠠᠯᠳᠤᠨ ᠤ᠋ ᠡᠩᠭᠡᠷ ᠢ᠋ᠶ᠋ᠡᠷ ᠨᠤᠲᠤᠭᠯᠠᠵᠤ ᠪᠠᠢᠭᠰᠠᠨ ᠮᠣᠩᠭᠣᠯ
ᠪᠤᠭᠤᠷᠤᠯ ᠬᠣᠷᠸ᠎ᠠ ᠶ᠋ᠢᠨ ᠥᠷᠥᠴᠡᠨ ᠳ᠋ᠦ᠍ ᠪᠠᠭᠠᠲᠤᠷᠯᠠᠨ ᠶᠠᠪᠤᠭᠰᠠᠨ ᠮᠣᠩᠭᠣᠯ
ᠪᠦᠯᠬᠦᠮᠳᠡᠯ ᠦ᠋ᠨ ᠬᠦᠴᠦᠨ ᠢ᠋ᠶ᠋ᠡᠷ ᠴᠡᠴᠡᠭᠯᠡᠨ ᠮᠠᠨᠳᠤᠭᠰᠠᠨ ᠮᠣᠩᠭᠣᠯ ᠠ᠋
ᠪᠤᠯᠠᠭ ᠤᠰᠤᠨ ᠤ᠋ ᠲᠤᠩᠭᠠᠯᠠᠭ ᠢ᠋ᠶ᠋ᠠᠷ ᠵᠢᠰᠦ ᠪᠡᠨ ᠲᠣᠯᠢᠯᠠᠭᠰᠠᠨ ᠮᠣᠩᠭᠣᠯ
ᠪᠤᠷᠭᠢᠯᠤᠭᠰᠠᠨ ᠮᠥᠷᠡᠨ ᠦ᠌ ᠳᠣᠯᠭᠢᠶᠠᠨ ᠢ᠋ᠶ᠋ᠠᠷ ᠬᠥᠭᠵᠢᠮ ᠠᠶᠠᠯᠤᠭᠤᠯᠤᠭᠰᠠᠨ ᠮᠣᠩᠭᠣᠯ
ᠪᠣᠲᠣᠭᠣ ᠪᠠᠨ ᠰᠠᠨᠠᠭᠰᠠᠨ ᠢᠩᠭᠡ ᠶ᠋ᠢᠨ ᠪᠤᠢᠯᠠᠭᠠᠨ ᠢ᠋ᠶ᠋ᠠᠷ ᠠᠨᠳᠠ ᠪᠠᠨ ᠮᠥᠷᠥᠭᠡᠳᠦᠭᠰᠡᠨ ᠮᠣᠩᠭᠣᠯ
ᠪᠤᠴᠠᠰᠢ ᠦᠭᠡᠢ ᠨᠥᠬᠥᠷᠯᠡᠯ ᠦ᠋ᠨ ᠳᠠᠢᠴᠢᠨ ᠲᠠᠩᠭᠠᠷᠢᠭ ᠲᠠᠢ ᠮᠣᠩᠭᠣᠯ ᠠ᠋
ᠣᠭᠲᠠᠷᠭᠤᠢ ᠪᠠᠷ ᠬᠥᠪᠦᠯᠵᠡᠬᠦ ᠬᠥᠪᠥᠩ ᠡᠭᠦᠯᠡᠰ ᠮᠢᠨᠢ ᠮᠣᠩᠭᠣᠯ
ᠣᠳᠣᠨ ᠢ᠋ ᠵᠠᠬᠢᠷᠤᠭᠰᠠᠨ ᠣᠢ ᠪᠢᠯᠢᠭ ᠮᠢᠨᠢ ᠮᠣᠩᠭᠣᠯ
ᠣᠷᠴᠢᠯᠠᠩ ᠢ᠋ ᠡᠮᠵᠢᠶᠡᠷᠢᠯᠡᠭᠰᠡᠨ ᠤᠷ᠎ᠠ ᠠᠪᠢᠶᠠᠰ ᠮᠢᠨᠢ ᠮᠣᠩᠭᠣᠯ
ᠣᠲᠣᠷ ᠨᠡᠭᠦᠳᠡᠯ ᠦ᠋ᠨ ᠠᠮᠢᠳᠤᠷᠠᠯ ᠲᠠᠢ ᠮᠠᠯᠵᠢᠯ ᠮᠢᠨᠢ ᠮᠣᠩᠭᠣᠯ ᠠ᠋
ᠠᠷᠪᠠᠨ ᠭᠤᠷᠪᠠᠳᠤᠭᠠᠷ ᠵᠠᠭᠤᠨ ᠤ᠋ ᠠᠭᠤᠤ ᠮᠣᠩᠭᠣᠯ
ᠠᠯᠲᠠᠨ ᠲᠣᠪᠴᠢᠶᠠᠨ ᠬᠥᠬᠡ ᠰᠤᠳᠤᠷ ᠤ᠋ᠨ ᠪᠣᠯᠪᠠᠰᠤᠨ ᠮᠣᠩᠭᠣᠯ
ᠠᠲᠠᠷ ᠬᠡᠭᠡᠷ᠎ᠡ ᠠᠬᠤᠢ ᠪᠠᠢᠭᠠᠯᠢ ᠪᠠᠨ ᠠᠮᠢ ᠲᠠᠢ ᠪᠠᠨ ᠬᠣᠯᠪᠣᠳᠠᠭ ᠮᠣᠩᠭᠣᠯ
ᠠᠽᠢᠶ᠎ᠠ ᠲᠢᠪ ᠦ᠋ᠨ ᠠᠷᠤ ᠭᠣᠪᠢ ᠠᠩᠬᠠᠨ ᠠ᠋ᠴᠠ ᠪᠠᠨ ᠮᠣᠩᠭᠣᠯ ᠠ᠋
ᠳᠣᠲᠣᠭᠠᠳᠤ ᠲᠠᠩᠭᠢᠰ ᠠ᠋ᠴᠠ ᠺᠠᠰᠠᠩ ᠬᠦᠷᠲᠡᠯ᠎ᠡ ᠮᠣᠩᠭᠣᠯ ᠤ᠋ᠨ ᠨᠤᠲᠤᠭ ᠪᠠᠢᠯ᠎ᠠ
ᠳᠣᠷᠣᠨ᠎ᠠ ᠳ᠋ᠠᠬᠢᠨ ᠤ᠋ ᠥᠨᠴᠥᠭ ᠪᠤᠯᠤᠩ ᠮᠣᠩᠭᠣᠯ ᠤ᠋ᠨ ᠬᠠᠷᠢᠶᠠᠲᠤ ᠪᠠᠢᠯ᠎ᠠ
ᠳᠡᠯᠡᠬᠡᠢ ᠭᠦᠷᠦᠨ ᠦ᠌ ᠥᠷᠥᠭᠡᠯ ᠤᠭᠰᠠᠭᠠᠲᠠᠨ ᠮᠣᠩᠭᠣᠯ ᠤ᠋ᠨ ᠢᠨᠵᠢ ᠪᠠᠢᠯ᠎ᠠ
ᠳᠡᠭᠡᠳᠦᠰ ᠦ᠋ᠨ ᠮᠢᠨᠢ ᠢ ᠬᠡᠯᠪᠡᠷᠢ ᠶ᠋ᠢᠨ ᠴᠢᠰᠤᠨ ᠤᠳᠤᠮ ᠤ᠋ᠨ ᠬᠣᠢᠴᠢᠰ ᠪᠠᠢᠯ᠎ᠠ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ᠎ᠠ
