ᠮᠤᠳᠤᠳ ᠦᠨ ᠯᠠ ᠮᠡᠯᠮᠡᠢ ᠬᠥᠭᠡᠷᠦᠬᠦᠢ ᠵᠠᠢᠷᠳᠤᠨ᠎ᠠ – ᠶᠣᠨᠳᠣᠨ ᠤ ᠪᠢᠯᠢᠭ᠌ - ᠪᠠᠭᠠᠲᠤᠷ Моддын л мэлмий хөөрхий зайртана – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠤᠳᠤᠳ ᠦᠨ ᠯᠠ ᠮᠡᠯᠮᠡᠢ ᠬᠥᠭᠡᠷᠦᠬᠦᠢ ᠵᠠᠢᠷᠳᠤᠨ᠎ᠠ – ᠶᠣᠨᠳᠣᠨ ᠤ ᠪᠢᠯᠢᠭ᠌ - ᠪᠠᠭᠠᠲᠤᠷ Моддын л мэлмий хөөрхий зайртана – Ёндоны Билиг - Баатар

ᠮᠤᠳᠤᠳ ᠦᠨ ᠯᠠ ᠮᠡᠯᠮᠡᠢ ᠬᠥᠭᠡᠷᠦᠬᠦᠢ ᠵᠠᠢᠷᠳᠤᠨ᠎ᠠ – ᠶᠣᠨᠳᠣᠨ ᠤ ᠪᠢᠯᠢᠭ᠌ - ᠪᠠᠭᠠᠲᠤᠷ Моддын л мэлмий хөөрхий зайртана – Ёндоны Билиг - Баатар

2024-08-07

323

ᠮᠤᠳᠤᠳ ᠦᠨ ᠯᠠ ᠮᠡᠯᠮᠡᠢ ᠬᠥᠭᠡᠷᠦᠬᠦᠢ ᠵᠠᠢᠷᠳᠤᠨ᠎ᠠ


 ᠬᠥᠮᠦᠨ ᠤ ᠤᠬᠠᠭᠠᠨᠲᠠᠢ ᠨᠣᠬᠠᠢ ᠲᠠᠢ ᠪᠠᠨ 
 ᠬᠥᠲᠥᠯᠦᠯᠴᠡᠩᠭᠡᠨ 
 ᠬᠥᠬᠡᠬᠣᠲᠠ ᠶ᠋ᠢᠨ ᠢᠶᠠᠨ
 ᠬᠥᠳᠡᠭᠡ ᠨᠡᠷᠡᠮᠵᠢᠲᠦ ᠴᠡᠴᠡᠷᠯᠢᠭ ᠢ᠋ᠶ᠋ᠡᠷ ᠢ᠋ᠶ᠋ᠡᠨ 
 ᠬᠡᠳᠦᠨᠲᠡ ᠵᠤᠭᠠᠯᠠᠩᠬᠠᠨ ᠠᠮᠵᠢᠭᠠᠳᠤᠢ ᠪᠡᠷ 
 ᠬᠡᠳᠦᠷᠬᠡᠢ ᠦᠵᠡᠰᠬᠦᠯᠡᠩᠲᠦ ᠭᠠᠩᠭᠠᠩ 
 ᠬᠡᠳᠦᠨ ᠥᠬᠢᠳ ᠲᠠᠢ ᠲᠠᠨᠢᠯᠴᠠᠭᠠᠳᠤᠢ ᠪᠠᠷ 
 ᠬᠡᠵᠢᠶ᠎ᠡ ᠶᠠᠵᠢᠶ᠎ᠠ ᠦᠭᠡᠢ 
 ᠬᠡᠷᠬᠢᠪᠡᠴᠦ ᠲᠣᠭᠯᠠᠵᠤ ᠬᠠᠨᠤᠭᠠᠳᠤᠢ ᠪᠠᠢᠬᠤ ᠳᠤ 
 ᠬᠡᠵᠢᠶᠡᠨᠡᠢ ᠬᠠᠷᠢᠨ ᠨᠠᠮᠤᠷ ᠭᠤᠸᠠᠢ 
 ᠬᠡᠨ ᠵᠠᠯᠠᠭᠰᠠᠨ ᠢ ᠨᠢ ᠴᠦ᠍ ᠮᠡᠳᠡᠬᠦ ᠦᠭᠡᠢ
 ᠬᠡ ᠶᠠᠩ ᠴᠦ᠍ ᠦᠭᠡᠢ ᠪᠡᠷ ᠪᠣᠱᠣᠭᠠᠨ ᠳᠤ 
 ᠬᠡᠮᠵᠢᠶᠡᠯᠡᠰᠢ ᠦᠭᠡᠢ ᠶᠠᠩᠪᠠᠲᠠᠨ ᠬᠡᠢᠴᠢᠨ 
 ᠬᠡᠷᠢᠶᠡᠳ ᠦ᠋ᠨ ᠸᠠᠩ ᠬᠠᠭᠠᠨ ᠰᠢᠬ 
 ᠬᠡᠷᠬᠢᠮᠳᠡᠨ ᠦ᠌ ᠰᠦᠷ ᠲᠦᠪᠰᠢᠨ ᠲᠠᠢ 
 ᠬᠡᠢᠮᠣᠷᠢ ᠣᠩᠭᠣᠳ ᠲᠠᠢ ᠰᠠᠭᠠᠲᠠᠭᠰᠠᠨ ᠢ 
  ᠁ ᠶᠠᠭ ᠲᠠᠭ ᠱᠠᠯ ᠮᠡᠳᠡᠭᠰᠡᠨ ᠦᠭᠡᠢ 
  ᠁ ᠶᠠᠭᠠᠷᠠᠤᠬᠠᠨ ᠯᠠ ᠤᠭᠲᠤᠯ᠎ᠠ ᠳ᠋ᠠ
  ᠁ ᠥᠨᠥᠷᠲᠡᠭᠳᠡᠵᠦ ᠬᠠᠷᠠᠭᠳᠠᠭᠰᠠᠨ ᠠᠴᠠ
  ᠁ ᠮᠣᠳᠣᠳ ᠤ᠋ᠨ ᠮᠡᠯᠮᠡᠢ ᠯᠠ ᠬᠥᠭᠡᠷᠦᠬᠦᠢ 
 ᠮᠥᠮᠥ ᠶ᠋ᠢᠨ ᠮᠢᠨᠢ ᠨᠢᠳᠦ ᠰᠢᠭ ᠬᠥᠭᠡᠷᠦᠬᠦᠢ 
 ᠮᠠᠯᠲᠠᠰ ᠮᠡᠯᠲᠡᠰ ᠮᠡᠯᠮᠡᠷᠡᠩᠬᠡᠨ ᠵᠠᠢᠷᠳᠠᠭᠰᠠᠨ 
 ᠪᠠᠢᠯ᠎ᠠ ᠯᠠ ᠳ᠋ᠠ ᠁ 
 ᠪᠢ ᠭᠡᠳᠡᠭ ᠵᠣᠯᠢᠭ !!!!!!
 ᠪᠦᠰᠡᠭᠦᠢ ᠬᠥᠮᠦᠨ ᠤ ᠯᠠ
 ᠪᠦᠯᠢᠶᠡᠬᠡᠨ ᠨᠢᠯᠪᠤᠰᠤ ᠶᠢ 
 ᠪᠦᠲᠦᠨ ᠳᠦᠭᠦᠷᠡᠩ ᠬᠠᠷᠠᠵᠤ 
 ᠪᠦᠷᠢᠮᠦᠰᠦᠨ ᠴᠢᠳᠠᠳᠠᠭ ᠦᠭᠡᠢ ᠳᠧ ᠡ᠂
     
       2024᠂ 08᠂ 07᠃ 13᠄ 59 ᠮᠢᠨᠦ᠋ᠲ 
               (ᠥᠨᠥᠳᠥᠷ ᠨᠠᠮᠤᠷ ᠤ᠋ᠨ ᠠᠭᠤᠷ᠎)  
            ᠰᠢᠯᠦᠭ ᠪᠦᠲᠦᠭᠡᠳᠡᠭ ᠰᠢᠷᠭᠠᠯ ᠬᠠᠳᠠᠠ 
        ᠪᠢᠴᠢᠭ ᠤᠨ ᠰᠢᠷᠡᠬᠡᠨ ᠳᠡᠭᠡᠷ᠎ᠡ ᠪᠡᠨ ᠯᠡ 
        ᠰᠢᠲᠠᠭᠠᠮ᠎ᠠ ᠨᠠᠷᠠᠠ ᠤ ᠳᠤᠤᠷᠡᠬᠢ ᠮᠣᠳᠣᠨ ᠤ 
        ᠰᠡᠭᠦᠳᠡᠷ ᠲᠤ ᠪᠠᠶᠠᠰᠬᠤᠯᠠᠩ ᠪᠦᠲᠦᠭᠡᠪᠡᠢ᠃