ᠠᠨᠳᠠ ᠨᠤᠭᠤᠳАандаануудAandaanuud-ᠮᠠᠨᠳᠤᠬᠤ ᠪᠠᠭᠰᠢ ᠶᠢᠨ ᠤᠷᠠᠨ ᠪᠢᠴᠢᠯᠭᠡ
ᠠᠨᠳᠠ ᠨᠤᠭᠤᠳ
ᠠᠩᠭᠢ ᠳ᠋ᠠᠭᠠᠨ ᠪᠢᠳᠡ ᠨᠠᠷ ᠣᠯᠠᠭᠤᠯᠠ ᠪᠠᠨ ᠪᠠᠢᠯ᠎ᠠ
ᠠᠩᠭᠢᠯᠠᠬᠤᠨ ᠨᠠᠰᠤᠨ ᠳ᠋ᠠᠭᠠᠨ ᠠᠮᠠᠷᠬᠠᠨ ᠲᠡᠰᠦᠯ᠎ᠡ
ᠠᠯᠳᠠᠩᠬᠠᠨ ᠵᠢᠯ ᠦ᠋ᠳ ᠠᠯᠤᠰᠯᠠᠨ ᠣᠳᠤᠯ᠎ᠠ
ᠠᠨᠳᠠᠬᠠᠨ ᠬᠡᠳᠦᠭᠦᠯᠡ ᠪᠡᠨ ᠦᠯᠡᠲᠡᠯ᠎ᠡ
ᠴᠡᠷᠢᠭ ᠲᠦ᠍ ᠪᠢᠳᠡ ᠣᠯᠠᠭᠤᠯᠠ ᠪᠠᠨ ᠪᠠᠢᠯ᠎ᠠ
ᠴᠡᠷᠮᠡᠬᠦ ᠵᠠᠪ ᠦᠭᠡᠢ ᠳᠡᠩᠳᠡᠭᠦᠦ ᠲᠡᠰᠦᠯ᠎ᠡ
ᠵᠥᠩᠳᠡᠭᠡᠨ ᠵᠢᠯ ᠦ᠋ᠳ ᠤᠯᠠᠷᠢᠨ ᠣᠳᠤᠯ᠎ᠠ
ᠵᠥᠪᠬᠡᠨ ᠬᠡᠳᠦᠭᠦᠯᠡ ᠪᠡᠨ ᠦᠶᠡᠷᠬᠡᠵᠦ ᠦᠯᠡᠲᠡᠯ᠎ᠡ
ᠬᠥᠭᠡᠷᠭᠡ ᠵᠥᠷᠢᠭᠦᠯᠵᠦ ᠠᠭᠤᠯᠵᠠᠳᠠᠭ ᠪᠠᠢᠯ᠎ᠠ
ᠬᠥᠰᠢᠶ᠎ᠡ ᠪᠤᠰᠬᠠᠭᠠᠳ ᠦᠯᠡᠳᠡᠭᠡᠬᠦ ᠶᠦᠮ ᠰᠠᠨ
ᠳᠠᠭᠤᠨ ᠳ᠋ᠠᠭᠠᠨ ᠵᠢᠷᠭᠠᠭᠠᠳ ᠤᠶᠠᠷᠠᠳᠠᠭ ᠪᠠᠢᠯ᠎ᠠ
ᠵᠠᠭᠤᠨ ᠳ᠋ᠠᠭᠠᠨ ᠳᠠᠬᠢᠭᠠᠳ ᠨᠠᠢᠵᠠᠯᠠᠬᠤ ᠶᠤᠮ ᠰᠠᠨ
ᠳᠠᠬᠢᠯᠲᠠ
ᠬᠠᠮᠢᠶᠠᠲᠠᠨ ᠠ᠋ᠴᠠ ᠳᠤᠲᠠᠭᠤ ᠦᠭᠡᠢ ᠠᠨᠳᠠ ᠨᠤᠭᠤᠳ ᠮᠢᠨᠢ
ᠬᠠᠨᠢᠯᠠᠭᠰᠠᠨ ᠠ᠋ᠴᠠ ᠳᠤᠲᠠᠭᠤ ᠦᠭᠡᠢ ᠨᠠᠢᠵᠠ ᠨᠤᠭᠤᠳ
ᠮᠠᠨᠳᠤᠬᠤ ᠪᠠᠭᠰᠢ ᠶ᠋ᠢᠨ ᠤᠷᠠᠨ ᠪᠢᠴᠢᠯᠭᠡ ᠶ᠋ᠢ
ᠠᠯᠲᠨᠨᠰᠥ᠋ᠮᠪᠦᠷ ᠡᠴᠡ ᠠᠮᠢᠯᠠᠭᠤᠯᠤᠨ ᠪᠢᠴᠢᠪᠡᠢ᠃
ᠬᠢᠨᠠᠭᠴᠢ᠄ ᠲᠤᠶᠠᠭ᠎ᠠ᠂ ᠲᠦᠮᠡᠨᠴᠡᠴᠡᠭ
ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ
