ᠮᠣᠩᠭᠣᠯᠴᠤᠳ ᠮᠢᠨᠢ ᠢᠯᠡᠭᠦᠬᠡᠨ ᠯᠠ ᠮᠡᠯᠮᠡᠷᠡᠭᠦᠯᠵᠦ ᠪᠠᠢ– ᠶᠣᠨᠳᠣᠨ ᠤ ᠪᠢᠯᠢᠭ᠌ - ᠪᠠᠭᠠᠲᠤᠷ Монголчууд минь илүүхэн л мэлмэрүүлж бай – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠮᠢᠨᠢ ᠢᠯᠡᠭᠦᠬᠡᠨ ᠯᠠ ᠮᠡᠯᠮᠡᠷᠡᠭᠦᠯᠵᠦ ᠪᠠᠢ– ᠶᠣᠨᠳᠣᠨ ᠤ ᠪᠢᠯᠢᠭ᠌ - ᠪᠠᠭᠠᠲᠤᠷ Монголчууд минь илүүхэн л мэлмэрүүлж бай – Ёндоны Билиг - Баатар

ᠮᠣᠩᠭᠣᠯᠴᠤᠳ ᠮᠢᠨᠢ ᠢᠯᠡᠭᠦᠬᠡᠨ ᠯᠠ ᠮᠡᠯᠮᠡᠷᠡᠭᠦᠯᠵᠦ ᠪᠠᠢ– ᠶᠣᠨᠳᠣᠨ ᠤ ᠪᠢᠯᠢᠭ᠌ - ᠪᠠᠭᠠᠲᠤᠷ Монголчууд минь илүүхэн л мэлмэрүүлж бай – Ёндоны Билиг - Баатар

2024-08-12

277

ᠮᠣᠩᠭᠣᠯᠴᠤᠳ ᠮᠢᠨᠢ ᠢᠯᠡᠭᠦᠬᠡᠨ ᠯᠠ ᠮᠡᠯᠮᠡᠷᠡᠭᠦᠯᠵᠦ ᠪᠠᠢ


 ᠶᠢᠷᠲᠢᠨᠴᠦᠰ ᠬᠣᠷᠸ᠎ᠠ! ᠠᠬᠤᠢ ᠣᠷᠴᠢᠨ!  
 ᠶᠡᠷᠦ ᠨᠢ ᠯᠡ ᠲᠡᠭᠰᠢ ᠪᠤᠰᠤ ᠱᠠᠯ ᠱᠠᠯᠢᠭ !  
 ᠨᠡᠢᠭᠡᠮ! ᠣᠷᠴᠢᠨ ᠤ᠋ ᠲᠤᠬᠠᠢ ᠳ᠋ᠤ᠌ ᠯᠠ  
 ᠨᠢᠭᠡᠮᠦᠰᠦᠨ ᠤᠢᠳᠬᠠᠷ ᠲᠠᠢ ᠪᠠᠢᠬᠤ ᠪᠠᠷ ! 
 ᠢᠨᠢᠶᠡᠵᠦ ᠶᠠᠪᠤᠪᠠᠯ ᠡᠳᠦᠷ ᠦ᠋ᠨ ᠵᠢᠷᠭᠠᠯ!! 
 ᠨᠠᠭᠠᠳᠤᠵᠤ ᠶᠠᠪᠤᠪᠠᠯ ᠨᠠᠰᠤᠨ ᠤ᠋ ᠵᠢᠷᠭᠠᠯ !!  
  ᠁ ᠬᠡᠮᠡᠭᠰᠡᠨ ᠡᠪᠦᠭᠡᠳ ᠦ᠋ᠨ ᠰᠤᠷᠭᠠᠯ ᠢ᠋ᠶ᠋ᠠᠷ 
  ᠁ ᠬᠡᠵᠢᠶ᠎ᠡ ᠴᠦ᠍ ᠨᠠᠰᠤ ᠶ᠋ᠢ ᠠᠨᠤ ᠮᠠᠷᠲᠠᠨ  
 ᠨᠠᠳᠠ ᠰᠢᠭ᠋ (ᠲᠡᠨᠡᠭ ) ᠯᠡ ᠤᠬᠠᠮᠰᠠᠷᠯᠢᠭ ᠢ᠋ᠶ᠋ᠠᠷ  
 ᠤᠷᠲᠤ ᠤᠳᠠᠭᠠᠨ ᠶᠠᠭ ᠰᠣᠯᠢᠶᠠᠲᠤ ᠮᠡᠲᠦ ᠯᠡ  
 ᠨᠠᠷᠭᠢᠶᠠᠨ ᠱᠤᠤᠭᠢᠶᠠᠨ ᠲᠠᠢᠬᠠᠨ ᠡᠷᠡᠰ ᠦᠨᠡᠨ  
 ᠣᠮᠣᠭᠯᠠᠩ ᠲᠩᠷᠢᠯᠢᠭ ᠬᠥᠭᠵᠢᠮᠯᠢᠭ ᠪᠠᠢᠭᠠᠴᠢ᠃  
 ᠪᠠᠶᠠᠷ ᠵᠢᠷᠭᠠᠯᠠᠩ ᠦᠯᠡᠮᠵᠢ ᠪᠠᠶᠠᠰᠬᠤᠯᠠᠩ ! 
 ᠪᠠᠭᠠᠲᠤᠷᠯᠢᠭ ᠦᠢᠯᠡ ᠵᠢᠪᠬᠤᠯᠠᠩᠲᠤ ᠲᠡᠮᠡᠴᠡᠯ !  
 ᠪᠠᠷᠤᠭᠲᠠᠢ ᠳ᠋ᠤ᠌ ᠲᠡᠢᠮᠦ ᠠᠷᠪᠢᠨ ᠪᠠᠢᠬᠤ ᠪᠢᠰᠢ 
 ᠪᠠᠰᠤᠮᠵᠢᠯᠠᠨ ᠡᠳᠡᠭᠡᠷ ᠢ᠋ ᠦᠯᠦ ᠭᠣᠯᠣᠪᠠᠰᠤ!  
 ᠪᠠᠶᠠᠨ ᠲᠠᠩᠰᠤᠭ ᠲᠠᠩᠭᠠᠷᠢᠭᠲᠤ ᠰᠡᠳᠬᠢᠬᠦᠢ ᠲᠡᠢ 
 ᠪᠠᠷᠠᠭᠳᠠᠰᠢ ᠦᠭᠡᠢ ᠪᠣᠷᠣᠭᠠᠨ ᠪᠤᠶᠠᠨ ᠲᠠᠢ! 
 ᠨᠠᠷᠮᠠᠢ ᠮᠣᠩᠭᠣᠯᠴᠤᠳ ᠲᠠ ᠨᠥᠬᠥᠳ ᠮᠢᠨᠦ 
 ᠨᠠᠷᠠᠨ ᠤ᠋ ᠳᠣᠣᠷ᠎ᠠ ᠡᠭᠦᠨ ᠦ᠌ ᠯᠡ ᠲᠤᠯᠠᠳᠠ  
 ᠨᠢᠯᠪᠤᠰᠤ ᠪᠠᠨ ᠬᠠᠷᠠᠮᠨᠠᠯ ᠦᠭᠡᠢ ᠠᠰᠬᠠᠷᠠᠭᠤᠯᠵᠤ  
 ᠨᠢᠩᠵᠢᠨ ᠰᠡᠳᠬᠢᠯ ᠦ᠋ᠨ ᠬᠤᠷ᠎ᠠ ᠵᠦᠰᠡᠷᠡᠭᠦᠯᠦᠨ  
 ᠮᠡᠯᠮᠡᠢ ᠡᠴᠡ ᠲᠠᠨᠢ ᠰᠠᠳᠠᠭᠠᠨᠠᠬᠤ ᠬᠤᠷ᠎ᠠ ᠳ᠋ᠤ᠌  
 ᠮᠡᠯᠮᠡᠷᠡᠭᠰᠡᠨ ᠮᠢᠩᠭᠠᠨ ᠪᠤᠷᠬᠠᠨ ᠪᠠᠶᠠᠰᠬᠤᠯᠠᠩ  
 ᠮᠢᠨᠦ ᠮᠠᠭᠤᠰᠠᠢᠨ ᠬᠠᠮᠤᠭ ᠮᠣᠩᠭᠣᠯᠴᠤᠳ ᠠ᠋ 
 ᠮᠢᠲᠠᠷᠠᠰᠢ ᠦᠭᠡᠢ ᠶ᠋ᠢᠨ ᠲᠥᠯᠥᠭᠡ ᠤᠬᠢᠯᠠ  
 ᠨᠢᠯᠪᠤᠰᠤ! ᠯᠤᠲᠤ ᠭᠤᠨᠢᠭᠯᠠᠩ ᠢ᠋ ᠠᠷᠢᠯᠭᠠᠳᠠᠭ  
 ᠨᠢᠯᠪᠤᠰᠤ! ᠬᠠᠲᠠᠭᠤ ᠴᠠᠭ ᠲᠤ᠌ ᠠᠭᠤᠵᠢᠷᠠᠭᠤᠯᠳᠠᠭ  
 ᠪᠠᠢᠩᠭᠤ ᠲᠣᠭᠲᠠᠮᠠᠯ ᠤᠬᠢᠯᠠᠬᠤ ᠶ᠋ᠢᠨ ᠭᠠᠢᠬᠠᠮᠰᠢᠭ  
 ᠪᠠᠢᠭᠠᠯᠢ ᠶ᠋ᠢᠨ ᠨᠢᠭᠤᠴᠠ ᠡᠷᠴᠢᠮ ᠦ᠋ᠨ ᠰᠢᠳᠢ᠃ 
 ᠬᠥᠮᠦᠨ ᠦ᠌ ᠶᠢᠷᠲᠢᠨᠴᠦ ᠭᠡᠳᠡᠭ ᠬᠤᠳᠠᠯ ᠵᠦᠢᠯ  
 ᠬᠡᠵᠢᠶ᠎ᠡ ᠴᠦ᠍ ᠣᠷᠣᠰᠢᠵᠤ ᠪᠠᠢᠭ᠎ᠠ ᠦᠭᠡᠢ!  
 ᠬᠠᠷᠢᠨ ᠬᠠᠮᠤᠭ ᠠᠮᠢᠲᠠᠨ ᠤ᠋ ᠶᠢᠷᠲᠢᠨᠴᠦᠰ ᠯᠡ 
 ᠬᠠᠭᠠᠴᠠᠰᠢ ᠦᠭᠡᠢ ᠣᠷᠣᠰᠢᠭᠰᠠᠭᠠᠷ ᠯᠠ ᠪᠣᠢ  
 ᠦᠨᠡᠨ ᠮᠠᠭᠤᠬᠠᠢ ᠨᠢ ᠬᠥᠮᠦᠨ ᠲᠥᠷᠥᠯᠬᠢᠲᠡᠨ  
 ᠥᠪᠡᠷᠰᠡᠳ ᠢ᠋ ᠪᠡᠨ ᠯᠡ ᠳᠣᠪᠣᠢᠯᠭᠠᠭᠰᠠᠨ ! 
  ᠁ ᠶᠠᠭᠤᠨ ᠤ᠋ ᠬᠢᠨᠢ 《ᠳᠡᠭᠡᠳᠦ ᠳᠡᠰ》 ᠦ᠋ᠨ  
  ᠁ ᠶᠡᠷᠦᠨᠢ ᠪᠥᠮᠪᠥᠷᠴᠡᠭ ᠲᠦ᠍ ᠪᠦᠭᠦᠳᠡ ᠯᠡ 
  ᠁ ᠲᠦᠷᠦᠮᠡᠭᠴᠡ ᠪᠠᠨ ᠯᠠ ᠠᠳᠠᠯᠢ ᠲᠡᠭᠰᠢ  
  ᠁ ᠲᠦᠭᠦᠬᠡᠢ ᠨᠢ ᠵᠥᠪᠬᠡᠨ ᠬᠥᠮᠦᠨ !! 
 ᠮᠣᠷᠢ ᠨᠣᠬᠠᠢ! ᠮᠣᠩᠭᠣᠯᠴᠤᠳ ᠤ᠋ᠨ ᠬᠠᠨᠢ ! 
 ᠮᠣᠷᠢᠳ ᠨᠣᠬᠠᠳ ᠤᠷᠪᠠᠵᠤ ᠪᠠᠢᠭ᠎ᠠ ᠦᠭᠡᠢ  
 ᠮᠠᠭᠤᠰᠠᠢᠨ ᠬᠥᠮᠦᠨ ᠲᠥᠷᠥᠯᠬᠢᠲᠡᠨ ᠡᠴᠡ  
 ᠮᠠᠰᠢ ᠪᠣᠮᠠᠠ ᠤᠷᠪᠠᠭᠴᠢᠳ ᠪᠠᠢᠬᠤ ᠯᠠ ᠠ᠋  
  ᠁ ᠵᠥᠪ ᠲᠥᠪ ᠦᠨᠡᠨ ᠦ᠌ ᠲᠥᠯᠥᠭᠡ 
  ᠁ ᠵᠢᠷᠦᠬᠡ ᠪᠡᠷ ᠢ᠋ᠶ᠋ᠡᠨ ᠤᠬᠢᠯᠠᠵᠤ ᠪᠠᠢ! 
 ᠵᠥᠪ ᠲᠥᠪ ᠦᠨᠡᠨ ᠦ᠌ ᠨᠢᠯᠪᠤᠰᠤᠨ ᠳ᠋ᠤ᠌  
 ᠵᠠᠳᠠ ᠭᠠᠵᠢᠭᠤ ᠮᠠᠭᠤ ᠪᠦᠭᠦᠳᠡ ᠵᠢᠪᠪᠦᠳᠡᠭ!  
 ᠴᠢᠩᠭᠢᠰ ᠪᠣᠭᠳᠠ ᠬᠠᠭᠠᠨ ᠤ᠋ ᠵᠠᠷᠯᠢᠭ ᠲᠤᠷ! ᠄  
 ᠵᠥᠩᠨᠡᠵᠦ ᠡᠭᠦᠨ ᠢ᠋ ᠰᠢᠭᠤᠷᠬᠠᠢ ᠠᠢᠯᠠᠳᠬᠠᠪᠠᠢ᠃    

             2024᠂ 08᠂ 03᠃19᠄ 19 ᠮᠢᠨᠦ᠋ᠲ    
                  ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ ᠃