ᠲᠡᠮᠳᠡᠭᠯᠡᠯ ᠪᠤᠶᠤ ᠮᠣᠩᠭᠣᠯ ᠪᠥᠬᠡ- ᠭ· ᠴᠢᠩᠪᠠᠭᠠᠲᠤᠷТэмдэглэл буюу монгол бөх-Г·ЧинбаатарTemdeglel buyuu mongol bökh
ᠲᠡᠮᠳᠡᠭᠯᠡᠯ ᠪᠤᠶᠤ ᠮᠣᠩᠭᠣᠯ ᠪᠥᠬᠡ
ᠲᠡᠮᠳᠡᠭᠯᠡᠯ ᠪᠤᠶᠤ ᠮᠣᠩᠭᠣᠯ ᠪᠥᠬᠡ①
— ᠶᠡᠬᠡ ᠨᠠᠢᠷ ᠤ᠋ᠨ ᠲᠡᠮᠳᠡᠭᠯᠡᠯ ᠡᠴᠡ ᠪᠣᠳᠣᠭᠳᠠᠭᠰᠠᠨ ᠨᠢ
ᠭ· ᠴᠢᠩᠪᠠᠭᠠᠲᠤᠷ
ᠭᠢᠨᠢᠰ ᠦ᠋ᠨ ᠲᠡᠮᠳᠡᠭᠯᠡᠯ ᠢ᠋ ᠡᠭᠦᠳᠦᠭᠰᠡᠨ ᠮᠣᠩᠭᠣᠯ ᠪᠥᠬᠡ ᠶ᠋ᠢᠨ ᠨᠠᠢᠷ ᠰᠠᠶᠢᠬᠠᠨ ᠪᠣᠯᠵᠤ ᠥᠩᠭᠡᠷᠡᠯ᠎ᠡ᠃
ᠨᠠᠭᠠᠳᠤᠮ ᠤ᠋ᠨ ᠳᠠᠷᠠᠭ᠎ᠠ ᠪᠠᠷ ᠮᠣᠩᠭᠣᠯᠴᠤᠳ ᠮᠠᠨᠢ ᠣᠯᠠᠨ ᠬᠣᠨᠣᠭ ᠢ᠋ᠶ᠋ᠠᠷ ᠤᠷᠮᠠᠲᠠᠢ ᠵᠥᠩᠨᠡᠨ ᠶᠠᠷᠢᠯᠴᠠᠳᠠᠭ ᠰᠢᠭ᠋ ᠢ᠋ᠶ᠋ᠡᠷ ᠲᠡᠦᠬᠡᠨ ᠳ᠋ᠦ᠍ ᠲᠣᠮᠣᠬᠠᠨ ᠡᠨᠡ ᠨᠠᠢᠷ ᠤ᠋ᠨ ᠠᠯᠳᠠᠭ᠎ᠠ ᠤᠨᠤᠭ᠎ᠠ ᠶ᠋ᠢᠨ ᠲᠤᠬᠠᠢ ᠪᠣᠯᠤᠭᠰᠠᠨ ᠵᠣᠭᠣᠭ ᠴᠤ᠌ ᠲᠦᠳᠡᠯ ᠦᠭᠡᠢ ᠱᠤᠤᠭᠢᠯᠳᠤᠨ ᠦᠷᠭᠦᠯᠵᠢᠯᠡᠭᠰᠡᠨ ᠪᠠᠢᠨ᠎ᠠ᠃
ᠨᠠᠢᠷ ᠭᠢᠨᠢᠰ ᠦ᠋ᠨ ᠲᠡᠮᠳᠡᠭᠯᠡᠯ ᠢ᠋ ᠡᠭᠦᠳᠦᠭᠰᠡᠨ ᠲᠤᠯᠠ ᠠᠮᠵᠢᠯᠲᠠ ᠪᠦᠲᠦᠭᠡᠯ ᠶᠡᠬᠡ ᠪᠣᠯᠤᠭᠰᠠᠨ ᠨᠢ ᠶᠠᠷᠢᠶᠠᠨ ᠦᠭᠡᠢ᠂ ᠣᠷᠣᠯᠴᠠᠭᠰᠠᠨ ᠲᠠᠮᠡᠷᠴᠢᠨ ᠦ᠌ ᠲᠣᠭ᠎ᠠ ᠡᠬᠢᠯᠡᠭᠡᠳ ᠦᠨᠳᠦᠰᠦᠲᠡᠨ ᠦ᠌ ᠪᠡᠨ ᠤᠯᠠᠮᠵᠢᠯᠠᠯᠲᠤ ᠪᠥᠬᠡ ᠶ᠋ᠢ ᠳᠠᠶᠠᠭᠠᠷ ᠭᠦᠷᠦᠨ ᠳ᠋ᠦ᠍ ᠰᠤᠷᠲᠠᠯᠴᠢᠯᠠᠬᠤ ᠪᠣᠯᠲᠠᠯ᠎ᠠ ᠲᠤᠬᠠᠢ ᠶ᠋ᠢᠨ ᠬᠠᠷᠠᠯᠲᠠ ᠪᠠᠨ ᠪᠡᠶᠡᠯᠡᠭᠦᠯᠵᠦ ᠴᠢᠳᠠᠭᠰᠠᠨ ᠪᠢᠯᠡ᠃ ᠭᠡᠲᠡᠯ᠎ᠡ ᠤᠷᠤᠯᠳᠤᠭᠠᠨ ᠤ᠋ ᠶᠠᠪᠤᠴᠠ ᠳ᠋ᠤ᠌ ᠨᠢᠭᠡᠳᠦᠯᠲᠡᠢ ᠳᠦᠷᠢᠮᠵᠢᠯ ᠳᠤᠲᠠᠭᠳᠠᠭᠰᠠᠨ ᠠ᠋ᠴᠠ ᠵᠣᠬᠢᠰ ᠦᠭᠡᠢ ᠦᠵᠡᠭᠳᠡᠯ ᠪᠠᠢᠨ ᠳᠠᠬᠢᠨ ᠢᠯᠡᠷᠡᠵᠦ ᠵᠠᠷᠢᠮ ᠲᠠᠮᠢᠷᠴᠢᠨ ᠪᠠ ᠦᠵᠡᠭᠴᠢᠳ ᠦ᠋ᠨ ᠲᠠᠰᠤᠷᠠᠯᠲᠠ ᠦᠭᠡᠢ ᠰᠢᠭᠦᠮᠵᠢᠯᠡᠯ ᠵᠢᠮᠡᠯᠡᠯ ᠢ᠋ ᠴᠦ᠍ ᠣᠯᠵᠠᠢ᠃ ᠮᠣᠩᠭᠣᠯ ᠪᠥᠬᠡ ᠠᠷᠠᠳᠴᠢ ᠴᠢᠨᠠᠷ᠂ ᠪᠦᠯᠬᠦᠮᠳᠡᠯᠲᠦ ᠴᠢᠨᠠᠷ ᠪᠠ ᠨᠠᠷᠢᠯᠢᠭ ᠤᠷ᠎ᠠ ᠮᠡᠷᠭᠡᠵᠢᠯ ᠲᠡᠢ ᠰᠢᠯᠢᠳᠡᠭ ᠤᠯᠠᠮᠵᠢᠯᠠᠯ ᠪᠠᠢᠪᠠᠴᠤ ᠳᠡᠯᠡᠬᠡᠢ ᠶ᠋ᠢᠨ ᠳᠦᠷᠢᠮᠵᠢᠯ ᠳ᠋ᠦ᠍ ᠬᠦᠷᠭᠡᠬᠦ ᠳᠦ ᠪᠠᠰᠠ ᠨᠡᠯᠢᠶᠡᠳ ᠵᠦᠷᠢᠶᠡᠨ ᠲᠡᠢ ᠤᠴᠢᠷ ᠳᠤᠲᠠᠭᠳᠠᠯ ᠤ᠋ᠳ ᠨᠢ ᠴᠥᠮ ᠤᠷᠤᠯᠳᠤᠭᠠᠨ ᠤ᠋ ᠶᠠᠪᠤᠴᠠ ᠳ᠋ᠤ᠌ ᠢᠯᠡᠷᠡᠭᠰᠡᠨ ᠪᠠᠢᠵᠠᠢ᠃ ᠡᠭᠦᠨ ᠡᠴᠡ ᠪᠢᠳᠡ ᠣᠳᠣ ᠶ᠋ᠢᠨ ᠲᠠᠮᠢᠷ ᠤ᠋ᠨ ᠦᠨ᠎ᠡ ᠥᠷᠲᠡᠭ ᠨᠢ ᠤᠷᠤᠯᠳᠤᠭᠠᠨ ᠤ᠋ ᠳ᠋ᠦᠩ ᠳ᠋ᠦ᠍ᠨᠢ ᠪᠢᠰᠢ ᠬᠠᠷᠢᠨ ᠶᠠᠪᠤᠴᠠ ᠳ᠋ᠤᠨᠢ ᠪᠠᠢᠳᠠᠭ ᠭᠡᠳᠡᠭ ᠶᠣᠰᠣ ᠶ᠋ᠢ ᠵᠣᠬᠢᠬᠤ ᠬᠡᠮᠵᠢᠶ᠎ᠡ ᠪᠡᠷ ᠣᠢᠯᠠᠭᠠᠵᠤ ᠪᠣᠯᠬᠤ ᠪᠤᠶᠤ᠃ ᠤᠷᠤᠯᠳᠤᠭᠠᠨ ᠤ᠋ ᠶᠠᠪᠤᠴᠠ ᠨᠢ ᠵᠣᠬᠢᠰᠲᠠᠢ᠂ ᠰᠢᠨᠵᠢᠯᠡᠬᠦ ᠤᠬᠠᠭᠠᠨᠴᠢ ᠪᠠᠢᠪᠠᠯ ᠰᠠᠶᠢ ᠨᠡᠩ ᠣᠯᠠᠨ ᠬᠥᠮᠦᠨ ᠦ᠌ ᠠᠩᠬᠠᠷᠤᠯ ᠢ᠋ ᠲᠠᠲᠠᠭᠤᠯᠵᠤ ᠲᠠᠭᠠᠰᠢᠶᠠᠨ ᠬᠦᠯᠢᠶᠡᠯᠭᠡᠵᠦ ᠲᠡᠷᠡ ᠲᠠᠮᠢᠷ ᠢ᠋ᠶ᠋ᠠᠨ ᠥᠷᠭᠡᠨ ᠬᠡᠪᠴᠢᠶᠡᠨ ᠳ᠋ᠦ᠍ ᠲᠦᠭᠡᠮᠡᠯᠵᠢᠭᠦᠯᠵᠦ ᠴᠢᠳᠠᠨ᠎ᠠ᠃ ᠲᠡᠢᠮᠦ ᠳ᠋ᠡᠭᠡᠨ ᠨᠡᠩ ᠣᠯᠠᠨ ᠮᠣᠩᠭᠣᠯᠴᠤᠳ ᠲᠤᠰ ᠴᠢᠭᠤᠯᠠᠭᠠ ᠶ᠋ᠢ ᠮᠣᠩᠭᠣᠯ ᠪᠥᠬᠡ ᠪᠡᠨ ᠳᠠᠪᠲᠠᠭᠤᠯᠵᠤ ᠰᠡᠷᠢᠵᠦ ᠰᠢᠯᠠᠭᠠᠷᠠᠭᠤᠯᠤᠨ ᠴᠢᠨᠠᠭᠰᠢᠯᠠᠨ ᠳᠡᠯᠡᠬᠡᠢ ᠶ᠋ᠢᠨ ᠲᠠᠪᠴᠠᠩ ᠳ᠋ᠤ᠌ ᠥᠷᠢᠰᠦᠯᠳᠦᠭᠦᠯᠬᠦ᠂ ᠨᠡᠩ ᠴᠢᠨᠠᠭᠰᠢᠯᠠᠪᠠᠯ ᠡᠨᠡ ᠬᠦ᠌ ᠵᠠᠪᠰᠢᠶᠠᠨ ᠢ᠋ᠶ᠋ᠠᠷ ᠳᠠᠮᠵᠢᠭᠤᠯᠤᠨ ᠮᠣᠩᠭᠣᠯ ᠪᠥᠬᠡ ᠶ᠋ᠢᠨ ᠵᠣᠷᠢᠭ ᠰᠠᠨᠠᠭ᠎ᠠ ᠪᠠ ᠣᠯᠢᠮᠫᠢᠺ ᠤ᠋ᠨ ᠵᠣᠷᠢᠭ ᠰᠠᠨᠠᠭ᠎ᠠ ᠲᠠᠢ ᠤᠶᠠᠯᠳᠤᠭᠤᠯᠤᠨ ᠡᠷᠲᠡ ᠨᠢᠭᠡᠨ ᠡᠳᠦᠷ ᠮᠣᠩᠭᠣᠯ ᠪᠥᠬᠡ ᠪᠡᠨ ᠳᠡᠯᠡᠬᠡᠢ ᠶ᠋ᠢᠨ ᠲᠠᠪᠴᠠᠩ ᠳ᠋ᠤ᠌ ᠮᠠᠭᠰᠢᠭᠤᠯᠬᠤ ᠲᠦᠳᠡ ᠵᠠᠮ ᠢ᠋ ᠡᠷᠢᠯᠬᠢᠯᠡᠬᠦ ᠬᠦᠰᠡᠯ ᠲᠠᠯᠪᠢᠵᠤ ᠪᠠᠢᠭᠰᠠᠨ ᠶᠤᠮ᠃
ᠪᠥᠬᠡ ᠪᠡᠨ ᠳᠦᠷᠢᠮᠵᠢᠭᠦᠯᠬᠦ ᠨᠢ ᠳᠡᠯᠡᠬᠡᠢᠴᠢᠯᠡᠬᠦ ᠡᠴᠡ ᠢᠯᠡᠭᠦᠦ ᠴᠢᠬᠤᠯᠠ ᠲᠠᠢ᠂ ᠤᠯᠠᠮᠵᠢᠯᠠᠯ ᠶᠣᠰᠣᠭᠠᠷ ᠳᠡᠯᠡᠬᠡᠢ ᠨᠡᠢᠲᠡ ᠳ᠋ᠦ᠍ ᠣᠢᠯᠠᠭᠠᠭᠤᠯᠬᠤ ᠨᠢ ᠪᠤᠰᠤᠳ ᠪᠥᠬᠡ ᠶ᠋ᠢ ᠳᠠᠭᠤᠷᠢᠶᠠᠯᠭᠠᠨ ᠥᠭᠡᠷᠡᠴᠢᠯᠡᠬᠦ ᠡᠴᠡ ᠢᠯᠡᠭᠦᠦ ᠭᠡᠷᠩ ᠲᠡᠢ ᠶᠦᠮ᠃ ᠮᠣᠩᠭᠣᠯ ᠪᠥᠬᠡ ᠪᠣᠯ ᠮᠣᠩᠭᠣᠯᠴᠤᠳ ᠤ᠋ᠨ ᠣᠶᠤᠨ ᠤᠬᠠᠭᠠᠨ᠂ ᠵᠣᠷᠢᠭ ᠰᠠᠨᠠᠭ᠎ᠠ᠂ ᠰᠣᠶᠣᠯ ᠣᠷᠡᠯᠢᠭ᠋᠂ ᠡᠪ ᠪᠦᠯᠬᠦᠮᠳᠡᠯ᠂ ᠵᠠᠩ ᠦᠢᠯᠡ᠁ ᠶ᠋ᠢᠨ ᠬᠠᠮ ᠨᠢᠭᠡᠳᠬᠡᠯ ᠰᠢᠨᠵᠢ ᠪᠦᠬᠦᠢ ᠦᠨᠡᠲᠦ ᠥᠪ ᠮᠥᠨ᠃
ᠬᠡᠨ ᠨᠢᠭᠡ ᠬᠥᠮᠦᠨ᠂ ᠠᠯᠢ ᠨᠢᠭᠡ ᠨᠤᠲᠤᠭ ᠤ᠋ᠨ ᠬᠢᠨ ᠦ᠌ ᠳᠤᠷ᠎ᠠ ᠶ᠋ᠢᠨ ᠰᠠᠨᠠᠭᠠᠴᠢᠯᠠᠭ᠎ᠠ ᠪᠠᠷ《ᠲᠠᠯᠬᠢᠬᠤ》 ᠬᠤᠪᠢ ᠶ᠋ᠢᠨ ᠥᠮᠴᠢ ᠪᠢᠰᠢ᠃ ᠡᠢᠨ ᠰᠠᠨᠠᠵᠤ ᠢᠩᠭᠢᠵᠦ ᠬᠠᠷᠢᠭᠤᠴᠠᠬᠤ ᠦᠭᠡᠢ ᠪᠣᠯ ᠳᠡᠯᠡᠬᠡᠢ ᠳ᠋ᠦ᠍ ᠵᠣᠳᠣᠭᠯᠠᠭᠤᠯᠤᠨᠠ᠂ ᠲᠡᠮᠳᠡᠭᠯᠡᠯ ᠡᠭᠦᠳᠦᠨ᠎ᠡ ᠭᠡᠵᠦ ᠲᠠᠷᠪᠡᠬᠡᠳ ᠲᠣᠭᠠᠲᠠᠢ ᠬᠡᠳᠦᠨ ᠬᠥᠮᠦᠨ ᠵᠢᠳᠬᠦᠯ ᠲᠡᠢ ᠭᠡᠭᠳᠡᠨ ᠠᠯᠳᠠᠷᠰᠢᠬᠤ ᠠ᠋ᠴᠠ ᠪᠤᠰᠤ ᠮᠣᠩᠭᠣᠯ ᠪᠥᠬᠡ ᠶ᠋ᠢᠨ ᠵᠢᠩᠬᠢᠨᠢ ᠬᠥᠭᠵᠢᠯ ᠳ᠋ᠦ᠍ ᠶᠠᠭᠤ ᠯᠠ ᠠᠪᠴᠢᠷᠠᠨ᠎ᠠ ᠭᠡᠵᠦ ᠳᠡ! ᠲᠡᠮᠳᠡᠭᠯᠡᠯ ᠨᠢ ᠴᠦ᠍ ᠲᠣᠳᠣᠷᠬᠠᠢ ᠵᠣᠷᠢᠭᠤᠯᠤᠯᠲᠠ ᠲᠠᠢ ᠪᠠᠢᠵᠤ《ᠲᠡᠮᠳᠡᠭᠯᠩᠳᠡᠭᠡᠳ》 ᠪᠣᠯᠴᠢᠬᠠᠬᠤ ᠪᠢᠰᠢ᠂ ᠡᠨᠡ ᠡᠷᠴᠢᠮ ᠳᠡᠭᠡᠷ᠎ᠡ ᠪᠡᠨ ᠥᠷᠭᠥᠯᠵᠢᠯᠩᠰᠡᠨ ᠰᠢᠰᠲ᠋ᠧᠮᠲᠦ ᠠᠵᠢᠯᠯᠠᠭ᠎ᠠ ᠨᠤᠭᠤᠳ ᠢ᠋ᠶ᠋ᠠᠷ ᠮᠣᠩᠭᠣᠯ ᠪᠥᠬᠡ ᠪᠡᠨ ᠨᠡᠩ ᠳᠠᠯᠠᠢᠴᠠ ᠲᠠᠢ ᠤᠬᠠᠭᠤᠯᠬᠤ ᠶᠣᠰᠣᠲᠠᠢ᠃ ᠮᠡᠳᠡᠭᠡᠵᠢ ᠪᠡᠷ ᠢᠩᠭᠢᠪᠡᠯ ᠣᠯᠠᠨ ᠵᠢᠯ ᠦ᠋ᠨ ᠲᠤᠷᠰᠢᠬᠢ ᠮᠤᠨᠳᠠᠭ ᠬᠡᠮᠵᠢᠶᠡᠨ ᠦ᠌ ᠪᠡᠯᠡᠵᠢᠭᠦᠯᠦᠯᠲᠡ ᠡᠴᠡ ᠭᠠᠳᠠᠨ᠎ᠠ ᠵᠠᠰᠠᠭ ᠤ᠋ᠨ ᠪᠠ ᠨᠡᠢᠲᠡ ᠬᠥᠮᠦᠰ ᠦ᠋ᠨ ᠰᠢᠡᠳᠡᠷᠰᠢ ᠦᠭᠡᠢ ᠴᠢᠷᠮᠠᠢᠯᠭ᠎ᠠ ᠱᠠᠭᠠᠷᠳᠠᠭᠳᠠᠨ᠎ᠠ᠃ ᠶᠠᠫᠣᠨᠴᠤᠳ ᠵᠢᠤᠳᠤᠤ ᠪᠥᠬᠡ ᠶ᠋ᠢᠨ ᠢ᠋ᠶ᠋ᠡᠨ ᠲᠥᠯᠥᠭᠡ800 ᠵᠢᠯ ᠵᠢᠳᠬᠦᠭᠰᠡᠨ ᠭᠡᠳ ᠪᠣᠳᠣᠭᠠᠴᠢ! ᠲᠡᠷᠡ ᠨᠥᠷᠢ ᠶᠡᠬᠡ ᠴᠢᠷᠮᠠᠢᠯᠭ᠎ᠠ ᠶ᠋ᠢᠨ ᠬᠠᠵᠠᠭᠤ ᠳ᠋ᠤ᠌ ᠪᠢᠳᠡᠨ ᠦ᠌ ᠬᠣᠮᠰᠠᠬᠠᠨ ᠵᠢᠳᠬᠦᠯ ᠶᠠᠭᠤ ᠪᠠᠢᠬᠤ ᠪᠣᠢ ᠳᠠ᠃
ᠮᠣᠩᠭᠣᠯ ᠪᠥᠬᠡ ᠵᠥᠪᠬᠡᠨ ᠰᠢᠯᠢ ᠶ᠋ᠢᠨ ᠭᠣᠣᠯ ᠳ᠋ᠤ᠌᠂ ᠲᠡᠷᠡ ᠲᠣᠰᠤᠮ ᠢ᠋ᠶ᠋ᠠᠨ ᠥᠵᠤᠮᠤᠵᠢᠨ ᠳ᠋ᠤ᠌ ᠯᠠ ᠦᠯᠡᠳᠡᠨ᠎ᠡ ᠭᠡᠪᠡᠯ ᠡᠷᠡᠭᠦᠯ ᠪᠤᠰᠤ ᠦᠵᠡᠭᠳᠡᠯ᠂ ᠴᠣᠬᠣᠮ ᠴᠤ᠌ ᠮᠣᠩᠭᠣᠯ ᠰᠣᠶᠣᠯ ᠤ᠋ᠨ ᠢᠪᠴᠤᠷᠠᠯ᠃ ᠥᠪᠥᠢ ᠮᠣᠩᠭᠣᠯ ᠳ᠋ᠠᠭᠠᠨ ᠬᠦᠷᠲᠡᠯ᠎ᠡ ᠲᠦᠭᠡᠮᠡᠯ ᠣᠢᠯᠠᠭᠠᠯᠲᠠ᠂ ᠨᠢᠭᠡᠳᠦᠯᠲᠡᠢ ᠳᠦᠷᠢᠮᠵᠢᠯ ᠦᠭᠡᠢ ᠪᠠᠢᠵᠤ ᠶᠠᠭᠠᠬᠢᠵᠤ《ᠳᠡᠯᠡᠬᠡᠢ ᠳ᠋ᠦ᠍ ᠶᠠᠷᠢᠬᠤ》 ᠶᠤᠮ ᠪᠣᠢ? ᠶᠠᠭᠠᠬᠢᠵᠤ ᠤᠯᠢᠮᠫᠡᠺ ᠲᠦ᠍ ᠪᠠᠷᠢᠯᠳᠤᠬᠤ ᠶᠤᠮ ᠪᠣᠢ?《ᠲᠡᠮᠳᠡᠭᠯᠡᠯ ᠡᠭᠦᠳᠬᠦ》 ᠨᠢ ᠳᠡᠯᠡᠬᠡᠢ ᠳ᠋ᠦ᠍ ᠲᠠᠨᠢᠭᠳᠠᠬᠤ ᠠᠷᠭ᠎ᠠ ᠮᠥᠨ ᠪᠣᠯᠪᠠᠴᠤ2048 ᠭᠡᠰᠡᠨ ᠲᠣᠭ᠎ᠠ ᠯᠠ ᠲᠡᠮᠳᠡᠭᠯᠡᠯ ᠳ᠋ᠦ᠍ ᠪᠢᠴᠢᠭᠳᠡᠭᠰᠡᠨ ᠡᠴᠡ ᠪᠢᠰᠢ ᠮᠣᠩᠭᠣᠯ ᠪᠥᠬᠡ ᠶ᠋ᠢᠨ ᠰᠣᠶᠣᠯ ᠤ᠋ᠨ ᠤᠯᠠᠮᠵᠢᠯᠠᠯ᠂ ᠪᠡᠶ᠎ᠡ ᠶ᠋ᠢᠨ ᠲᠠᠮᠢᠷ ᠤ᠋ᠨ ᠵᠣᠷᠢᠭ ᠰᠠᠨᠠᠭ᠎ᠠ᠂ ᠣᠯᠠᠨ ᠵᠠᠭᠤᠨ ᠤ᠋ ᠲᠡᠦᠬᠡ᠁ ᠶ᠋ᠢ ᠨᠢ ᠳᠡᠯᠡᠬᠡᠢ ᠲᠠᠨᠢᠭᠰᠠᠨ ᠪᠣᠯᠪᠠ ᠤᠤ ᠳᠠ! ᠠᠷᠠᠢ ᠳᠦᠷᠢᠮᠵᠢᠯ ᠦᠭᠡᠢ ᠪᠠᠷᠢᠯᠳᠤᠭᠠᠨ᠂ ᠪᠠᠷᠢᠮᠵᠢᠶ᠎ᠠ ᠥᠬᠡᠢ ᠬᠢᠨᠠᠯᠲᠠ᠂ ᠬᠣᠰᠢᠭᠤ ᠨᠤᠲᠤᠭ ᠢᠯᠭᠠᠯᠴᠠᠨ ᠰᠦᠢᠳ ᠪᠣᠯᠳᠠᠭ ᠠᠲᠠᠭ᠎ᠠ ᠵᠢᠲᠥᠭᠡ ᠪᠡᠨ ᠳᠡᠯᠡᠬᠡᠢ ᠳ᠋ᠦ᠍ ᠬᠠᠷᠠᠭᠤᠯᠬᠤ ᠭᠡᠰᠡᠨ ᠦᠭᠡᠢ ᠪᠢᠵᠡ?2048 ᠪᠥᠬᠡ ᠶ᠋ᠢᠨ ᠨᠠᠢᠷ ᠢ᠋ᠶ᠋ᠠᠷ ᠳᠠᠮᠵᠢᠭᠤᠯᠤᠨ ᠮᠣᠩᠭᠣᠯ ᠪᠥᠬᠡ ᠪᠡᠨ ᠳᠦᠷᠢᠮᠵᠢᠭᠦᠯᠬᠦ᠂ ᠲᠦᠭᠡᠮᠡᠯᠵᠢᠭᠦᠯᠬᠦ᠂ ᠮᠣᠩᠭᠣᠯ ᠪᠥᠬᠡ ᠶ᠋ᠢᠨ ᠬᠥᠭᠵᠢᠯ ᠳ᠋ᠦ᠍ ᠲᠤᠰᠠ ᠦᠭᠡᠢ ᠨᠥᠯᠥᠭᠡ ᠠᠪᠴᠢᠷᠠᠬᠤ ᠵᠠᠷᠢᠮ ᠳᠦᠷᠢᠮ ᠢ᠋ ᠥᠭᠡᠷᠡᠴᠢᠯᠡᠬᠦ ᠰᠠᠨᠠᠭᠠᠴᠢᠯᠠᠭ᠎ᠠ ᠲᠠᠯᠪᠢᠭᠰᠠᠨ ᠪᠣᠯ ᠵᠣᠬᠢᠬᠤ ᠪᠠᠢᠯ᠎ᠠ᠃ ᠭᠡᠪᠡᠴᠦ ᠲᠡᠭᠡᠵᠦ ᠴᠢᠳᠠᠭ᠎ᠠ ᠦᠭᠡᠢ ᠭᠡᠳᠡᠭ ᠢ᠋ ᠤᠭ ᠨᠠᠢᠷ ᠭᠡᠷᠡᠴᠢᠯᠡᠵᠦ ᠪᠠᠢᠨ᠎ᠠ᠃ ᠲᠤᠭᠤᠯ ᠬᠤᠷᠠᠭᠠᠨ ᠤ᠋ ᠪᠡᠯᠴᠢᠭᠡᠷ᠂ ᠣᠪᠣᠭ᠎ᠠ ᠤᠰᠤᠨ ᠤ᠋ ᠨᠠᠢᠷ ᠳᠡᠭᠡᠷ᠎ᠡ ᠨᠣᠴᠣᠯᠳᠤᠵᠤ᠂《ᠥᠪᠡᠷ ᠦ᠋ᠨ ᠬᠣᠰᠢᠭᠤ》᠂《ᠬᠠᠷᠢ ᠶ᠋ᠢᠨ ᠬᠣᠰᠢᠭᠤ》 ᠢᠯᠭᠠᠯᠴᠠᠨ᠂ ᠨᠥᠭᠡᠭᠰᠡᠨ ᠪᠥᠬᠡ ᠨᠢ ᠨᠠᠢᠷ ᠤ᠋ᠨ ᠱᠠᠩ ᠢ᠋ᠶ᠋ᠠᠨ ᠢᠳᠡᠭᠡᠳ ᠠᠮᠤᠷ ᠰᠠᠢᠨ ᠳ᠋ᠠᠭᠠᠨ ᠵᠢᠷᠭᠠᠳᠠᠭ ᠥᠨᠥᠳᠥᠷ ᠦ᠋ᠨ ᠮᠣᠩᠭᠣᠯ ᠪᠥᠬᠡ ᠶ᠋ᠢᠨ ᠤᠷᠤᠭᠤ ᠲᠠᠢ ᠪᠠᠢᠳᠠᠯ ᠢ᠋ᠶ᠋ᠠᠷ ᠳᠡᠯᠡᠬᠡᠢ ᠶ᠋ᠢᠨ ᠲᠠᠪᠴᠠᠩ ᠳ᠋ᠤ᠌ ᠵᠣᠳᠣᠭᠯᠠᠨ᠎ᠠ ᠭᠡᠳᠡᠭ ᠠᠷᠠᠢ ᠪᠣᠯᠤᠭ᠎ᠠ ᠦᠭᠡᠢ᠃ ᠳᠡᠯᠡᠬᠡᠢ ᠶ᠋ᠢᠨ ᠴᠠᠷᠠᠭ᠎ᠠ ᠪᠠᠷ ᠵᠡᠭᠦᠳᠦᠯᠡᠬᠦ ᠡᠴᠡ ᠪᠡᠨ ᠡᠮᠦᠨ᠎ᠡ᠂ ᠣᠷᠣᠨ ᠤ᠋ ᠪᠠᠨ ᠴᠠᠷᠠᠭ᠎ᠠ ᠪᠠᠷ ᠰᠡᠳᠬᠢᠬᠦ ᠬᠡᠷᠡᠭᠲᠡᠢ ᠪᠠᠢᠨ᠎ᠠ᠃ ᠬᠠᠷᠠᠮᠴᠢ ᠬᠥᠮᠦᠨ ᠢ᠋ ᠥᠭᠭᠢᠶᠡᠮᠦᠷᠴᠢ ᠪᠣᠯᠭᠠᠬᠤ ᠳ᠋ᠤ᠌ ᠤᠷᠢᠳ ᠢ᠋ᠶ᠋ᠠᠷ ᠨᠢᠭᠡ ᠭᠠᠷ ᠠ᠋ᠴᠠ ᠨᠢ ᠨᠥᠭᠦᠭᠡ ᠭᠠᠷ ᠤᠷᠤᠭᠤ ᠨᠢ ᠶᠠᠭᠤᠮ᠎ᠠ ᠥᠭᠭᠦᠭᠦᠯᠵᠦ ᠰᠤᠷᠭᠠᠬᠤ ᠬᠡᠷᠡᠭᠲᠡᠢ ᠭᠡᠰᠡᠨ ᠦᠯᠢᠭᠡᠷ ᠪᠠᠢᠳᠠᠭ᠃ ᠡᠭᠦᠨ ᠲᠡᠢ ᠠᠳᠠᠯᠢᠬᠠᠨ ᠨᠠᠢᠷ ᠤ᠋ᠨ ᠲᠦᠷᠦᠭᠦᠦ ᠱᠠᠩ ᠬᠠᠮᠢᠭᠠᠬᠢ ᠶ᠋ᠢᠨ ᠬᠡᠨ ᠦ᠌ ᠪᠣᠯᠬᠤ ᠨᠢ ᠴᠢᠬᠤᠯᠠ ᠪᠢᠰᠢ᠃ ᠬᠠᠷᠢᠨ ᠮᠣᠩᠭᠣᠯ ᠪᠥᠬᠡ ᠶ᠋ᠢᠨ ᠲᠦᠭᠡᠮᠡᠯᠵᠢᠯ᠂ ᠳᠦᠷᠢᠮᠵᠢᠯ ᠴᠢᠬᠤᠯᠠ ᠶᠤᠮ᠃ ᠡᠢᠮᠦ ᠡᠴᠡ《ᠪᠥᠬᠡ ᠣᠨᠣᠭᠠᠬᠤ》 ᠳᠦᠷᠢᠮ ᠢ᠋《ᠰᠢᠪᠠᠭ᠎ᠠ ᠲᠠᠲᠠᠬᠤ》 ᠳᠦᠷᠢᠮ ᠢ᠋ᠶ᠋ᠡᠷ ᠣᠷᠣᠯᠠᠭᠤᠯᠪᠠᠯ ᠵᠦᠢᠲᠡᠢ! ᠭᠡᠪᠡᠴᠦ ᠲᠡᠮᠳᠡᠭᠯᠡᠯ ᠡᠭᠦᠳᠦᠭᠰᠡᠨ ᠨᠠᠢᠷ ᠤ᠋ᠨ ᠬᠢᠨ ᠮᠠᠨᠢ《ᠥᠪᠡᠷ ᠦ᠋ᠨ ᠨᠠᠢᠷ ᠤ᠋ᠨ ᠬᠦᠴᠦ ᠪᠡᠨ ᠠᠯᠳᠠᠬᠤ ᠦᠭᠡᠢ》 ᠭᠡᠰᠡᠨ ᠵᠣᠷᠢᠭ ᠰᠠᠨᠠᠭ᠎ᠠ ᠪᠠᠷ ᠣᠨᠣᠭᠠᠯᠲᠠ ᠬᠢᠭᠰᠡᠨ ᠲᠡᠳᠦᠢ ᠦᠭᠡᠢ1500 ᠪᠥᠬᠡ ᠪᠡᠯᠡᠳᠬᠡᠨ ᠪᠠᠷᠢᠯᠳᠤᠭᠤᠯᠤᠭᠰᠠᠨ ᠪᠠ ᠴᠤᠤᠲᠠᠢ ᠪᠥᠬᠡᠴᠦᠳ ᠨᠢ ᠰᠠᠢᠨ ᠳᠠᠪᠠᠭ᠎ᠠ ᠂ ᠳᠠᠪᠠᠭ᠎ᠠ ᠦᠭᠡᠢ ᠳᠡᠭᠡᠭᠰᠢᠯᠡᠭᠰᠡᠨ᠂《ᠭᠠᠳᠠᠨ᠎ᠠ ᠶ᠋ᠢᠨ ᠪᠥᠬᠡ ᠶ᠋ᠢ ᠭᠠᠳᠠᠨᠠᠬᠢ ᠲᠠᠢ ᠨᠢ ᠲᠤᠯᠭᠠᠭᠰᠠᠨ》᠂ ᠣᠯᠠᠨ ᠪᠥᠬᠡ ᠶ᠋ᠢ ᠤᠬᠠᠭᠠᠨ ᠲᠠᠢ ᠣᠨᠣᠭᠠᠬᠤ ᠭᠡᠮᠡᠨ ᠴᠠᠭ ᠥᠷᠡᠭᠡᠵᠦ ᠰᠥᠨᠢ ᠳᠤᠨᠳᠠᠯᠠᠲᠠᠯᠠ ᠦᠷᠭᠦᠯᠵᠢᠯᠡᠭᠰᠡᠨ᠂ ᠳᠠᠪᠠᠭ᠎ᠠ ᠪᠠᠨ ᠳᠠᠪᠠᠭᠰᠠᠨ ᠵᠠᠷᠢᠮ ᠪᠥᠬᠡᠴᠦᠳ ᠦ᠋ᠨ ᠨᠡᠷ᠎ᠡ ᠬᠠᠰᠤᠭᠳᠠᠭᠰᠠᠨ᠂ ᠪᠥᠬᠡ ᠶ᠋ᠢᠨ ᠲᠣᠭ᠎ᠠ ᠣᠨᠣᠪᠴᠢ ᠮᠠᠭᠤᠲᠠᠢ ᠪᠣᠯᠤᠭᠰᠠᠨ᠂ ᠵᠠᠷᠢᠮ ᠪᠥᠬᠡ ᠮᠠᠷᠭᠤᠭᠠᠨ ᠶᠡᠬᠡᠲᠡᠢ ᠣᠢᠴᠢᠭᠰᠠᠨ᠁ ᠵᠡᠷᠭᠡ ᠨᠢ ᠤᠭ ᠨᠠᠢᠷ ᠤ᠋ᠨ ᠤᠳᠬ᠎ᠠ ᠤᠴᠢᠷ ᠢ᠋ ᠬᠤᠪᠢᠷᠠᠭᠤᠯᠤᠭᠰᠠᠨ ᠪᠠᠢᠭ᠎ᠠ ᠶᠤᠮ᠃ ᠢᠯᠠᠩᠭᠤᠶ᠎ᠠ ᠨᠠᠢᠷ ᠤ᠋ᠨ ᠵᠠᠷᠢᠮ ᠬᠠᠷᠢᠭᠤᠴᠠᠯᠭᠠᠲᠠᠨ ᠰᠤᠷᠪᠤᠯᠵᠢᠯᠠᠭ᠎ᠠ ᠬᠦᠯᠢᠶᠡᠵᠦ᠄《ᠪᠥᠬᠡ ᠶ᠋ᠢᠨ ᠴᠢᠳᠠᠪᠠᠯ ᠰᠢᠯᠢ ᠶ᠋ᠢᠨ ᠭᠣᠣᠯ ᠳ᠋ᠠᠭᠠᠨ᠂ ᠪᠣᠯᠪᠠᠯ ᠪᠠᠷᠠᠭᠤᠨ ᠦᠵᠦᠮᠦᠴᠢᠨ ᠳ᠋ᠡᠭᠡᠨ ᠦᠯᠡᠳᠡᠭᠡᠨ᠎ᠡ ᠭᠡᠵᠦ ᠶᠠᠷᠢᠭᠰᠠᠨ ᠨᠢ ᠥᠪᠡᠷᠰᠡᠳ ᠦ᠋ᠨ ᠰᠠᠨᠠᠭ᠎ᠠ ᠪᠠᠨ ᠢᠯᠡᠷᠭᠡᠢᠯᠩᠰᠡᠨ ᠤᠴᠢᠷ ᠶᠤᠮ᠃
ᠮᠢᠨᠦ ᠪᠣᠯᠬᠢ ᠪᠣᠳᠣᠯ ᠢ᠋ᠶ᠋ᠠᠷ᠂ ᠤᠭ ᠨᠠᠢᠷ ᠢ᠋ ᠮᠣᠩᠭᠣᠯ ᠪᠥᠬᠡ ᠶ᠋ᠢᠨ ᠬᠥᠭᠵᠢᠯ ᠦ᠋ᠨ ᠡᠮᠦᠨ᠎ᠡ ᠡᠴᠡ᠂ ᠪᠥᠬᠡ ᠳ᠋ᠦ᠍ ᠬᠠᠢᠷᠠᠲᠠᠢ ᠮᠣᠩᠭᠣᠯᠴᠤᠳ ᠤ᠋ᠨ ᠢ᠋ᠶ᠋ᠠᠨ ᠡᠮᠦᠨ᠎ᠡ ᠡᠴᠡ ᠮᠣᠩᠭᠣᠯ ᠪᠥᠬᠡ ᠶ᠋ᠢᠨ ᠤᠯᠠᠮᠵᠢᠯᠠᠯ ᠢ᠋ ᠰᠠᠭᠤᠷᠢ ᠰᠠᠢᠲᠠᠢ ᠠᠪᠴᠤ ᠦᠯᠡᠳᠡᠭᠰᠡᠨ (ᠶᠠᠭᠠᠬᠢᠭᠠᠳ ᠢᠩᠭᠢᠵᠦ ᠬᠡᠯᠡᠭᠳᠡᠭ ᠪᠣᠢ? ᠭᠡᠪᠡᠯ ᠮᠣᠩᠭᠣᠯ ᠪᠥᠬᠡ ᠶᠡᠬᠡ ᠡᠷᠲᠡ ᠳ᠋ᠡᠭᠡᠨ ᠨᠡᠢᠲᠡ ᠮᠣᠩᠭᠣᠯᠴᠤᠳ ᠤ᠋ᠨ ᠳᠤᠮᠳᠠ ᠲᠦᠭᠡᠮᠡᠯ ᠪᠠᠢᠭᠰᠠᠨ᠂ ᠰᠡᠭᠦᠯᠡᠷ ᠨᠢ ᠤᠯᠠᠮᠵᠢᠯᠠᠯ ᠲᠠᠰᠤᠷᠠᠨ ᠠᠯᠳᠠᠭᠳᠠᠭᠰᠠᠭᠠᠷ
ᠴᠥᠭᠡᠨ ᠨᠤᠲᠤᠭ ᠲᠤ ᠦᠯᠡᠳᠡᠭᠰᠡᠨ ᠭᠡᠷᠩ᠃ ᠡᠨᠡ ᠪᠣᠯ ᠮᠣᠩᠭᠣᠯ ᠪᠥᠬᠡ ᠶ᠋ᠢᠨ ᠪᠠᠭᠤᠷᠠᠯᠲᠠ ᠶᠤᠮ᠃
ᠰᠢᠯᠢ ᠶ᠋ᠢᠨ ᠭᠣᠣᠯ ᠪᠥᠬᠡ ᠰᠠᠢᠲᠠᠢ ᠭᠡᠳᠡᠭ ᠵᠥᠪᠬᠡᠨ ᠪᠤᠰᠤᠳ ᠨᠤᠲᠤᠭ ᠤ᠋ᠨ ᠬᠢᠨᠢ ᠮᠣᠩᠭᠣᠯ ᠪᠥᠬᠡ ᠪᠡᠨ ᠲᠡᠳᠦᠢ ᠯᠡ ᠪᠠᠷᠢᠯᠳᠤᠬᠤ ᠦᠭᠡᠢ ᠪᠠᠢᠭ᠎ᠠ ᠲᠠᠢ ᠬᠣᠯᠪᠣᠭ᠎ᠠ ᠲᠠᠢ ᠠ᠋ᠴᠠ ᠪᠢᠰᠢ᠂ ᠠᠯᠢ ᠴᠤ᠌ ᠠᠡᠢᠮᠠᠭ᠋ ᠤ᠋ᠨ ᠬᠢᠨ ᠰᠠᠢᠨ ᠪᠠᠷᠢᠯᠳᠤᠳᠠᠭ᠂ ᠲᠡᠷᠡ ᠳᠤᠮᠳᠠ ᠪᠠᠨ ᠰᠢᠯᠢ ᠶ᠋ᠢᠨ ᠭᠣᠣᠯ ᠰᠠᠢᠨ ᠭᠡᠰᠡᠨ ᠤᠴᠢᠷ ᠪᠢᠰᠢ᠃
ᠠᠯᠢ ᠨᠢᠭᠡ ᠡᠳᠦᠷ ᠪᠥᠬᠡ ᠮᠠᠭᠤᠲᠠᠢ ᠭᠡᠭᠳᠡᠵᠦ ᠪᠠᠢᠭ᠎ᠠ ᠨᠤᠲᠤᠭ ᠠ᠋ᠴᠠ ᠴᠤ᠌ ᠰᠠᠢᠨ ᠪᠥᠬᠡᠴᠦᠳ ᠴᠣᠯᠭᠣᠷᠠᠵᠤ᠂ ᠰᠢᠯᠢ ᠶ᠋ᠢᠨ ᠭᠣᠣᠯ ᠢ᠋ ᠬᠣᠯᠠ ᠳᠠᠪᠠᠪᠠᠯ ᠰᠠᠶᠢ ᠪᠠᠶᠠᠷᠯᠠᠭᠤᠰᠢᠲᠠᠢ ᠦᠵᠡᠭᠳᠡᠯ ᠪᠠᠢᠬᠤ ᠶᠣᠰᠣᠲᠠᠢ) ᠪᠠᠷᠠᠭᠤᠨ ᠦᠵᠦᠮᠦᠴᠢᠨ ᠬᠣᠰᠢᠭᠤ ᠡᠷᠬᠢᠯᠡᠵᠦ ᠬᠢᠯ᠎ᠡ ᠭᠡᠵᠦ ᠣᠢᠯᠠᠭᠠᠭᠰᠠᠨ᠃
ᠭᠡᠪᠡᠴᠦ ᠦᠷ᠎ᠡ ᠳ᠋ᠦᠩ ᠨᠢ ᠲᠡᠢᠮᠦ ᠪᠢᠰᠢ ᠪᠠᠢᠭ᠎ᠠ ᠨᠢ ᠬᠠᠷᠠᠮᠰᠠᠯᠲᠠᠢ᠃
ᠨᠤᠲᠤᠭ ᠤ᠋ᠨ ᠪᠥᠬᠡ ᠲᠡᠷᠢᠭᠦᠯᠡᠬᠦ ᠨᠢ ᠪᠤᠷᠤᠭᠤ ᠪᠢᠰᠢ᠂ ᠭᠡᠪᠡᠴᠦ ᠨᠤᠲᠤᠭ ᠤ᠋ᠨ ᠪᠥᠬᠡ ᠪᠡᠨ ᠲᠡᠷᠢᠭᠦᠯᠡᠭᠦᠯᠬᠦ ᠶ᠋ᠢᠨ ᠲᠥᠯᠥᠭᠡ ᠴᠢᠷᠮᠡᠢᠠᠡᠰᠠᠨ ᠴᠢᠷᠮᠠᠢᠯᠲᠠ ᠨᠢ ᠮᠣᠩᠭᠣᠯ ᠤ᠋ᠨ ᠬᠥᠭᠵᠢᠯ ᠦ᠋ᠨ ᠲᠥᠯᠥᠭᠡ ᠭᠡᠳᠡᠭ ᠰᠠᠢᠬᠠᠨ ᠤᠷᠢᠢᠡ ᠶ᠋ᠢ ᠨᠢ ᠪᠠᠯᠠᠯᠤᠭᠠᠳ ᠪᠠᠢᠭ᠎ᠠ ᠶᠤᠮ᠃ 《ᠣᠨᠣᠭᠠᠬᠤ ᠦᠭᠡᠢ ᠪᠣᠯ ᠰᠠᠢᠨ ᠪᠥᠬᠡ ᠰᠢᠷᠣᠢ ᠳ᠋ᠤ᠌ ᠣᠢᠴᠢᠨ᠎ᠠ ᠰᠢᠦ!》 ᠭᠡᠳᠡᠭ ᠨᠢ ᠮᠠᠨ ᠤ᠋ ᠬᠢᠨ ᠦ᠌ ᠥᠪᠡᠷ ᠢ᠋ ᠪᠡᠨ ᠵᠥᠪᠲᠦᠭᠡᠳᠡᠭ ᠠᠷᠭ᠎ᠠ᠃ ᠪᠥᠬᠡ ᠪᠡᠨ ᠬᠠᠢᠷᠷᠠᠯᠠᠬᠤ ᠨᠢ ᠵᠥᠪ ᠪᠣᠯᠪᠠᠴᠤ ᠪᠥᠬᠡ ᠶ᠋ᠢᠨ ᠰᠣᠶᠣᠯ ᠤ᠋ᠨ ᠢ᠋ᠶ᠋ᠠᠨ ᠵᠥᠪ ᠬᠥᠭᠵᠢᠯ ᠦ᠋ᠨ ᠲᠥᠯᠥᠭᠡ ᠭᠠᠭᠴᠠ ᠬᠣᠶᠠᠷ ᠬᠥᠮᠦᠨ ᠳᠣᠣᠷ᠎ᠠ
ᠤᠨᠠᠬᠤ ᠨᠢ ᠨᠥᠬᠥᠪᠥᠷᠢᠯᠡᠰᠢ ᠦᠭᠡᠢ ᠬᠣᠬᠢᠷᠠᠯ ᠪᠣᠯᠤᠭᠠᠳ ᠬᠠᠮᠢᠭ᠎ᠠ ᠬᠦᠷᠬᠦ ᠪᠣᠢ ᠳᠠ! ᠲᠡᠭᠡᠵᠦ ᠬᠠᠢᠷᠠᠯᠠᠭᠠᠳ ᠪᠠᠢᠪᠠᠯ ᠬᠠᠢᠷ᠎ᠠ ᠨᠢ ᠬᠠᠯᠠ ᠪᠣᠯᠬᠤ ᠳ᠋ᠤ᠌ ᠬᠣᠯᠠ ᠦᠭᠡᠢ᠃ ᠬᠠᠷᠢᠨ ᠬᠡᠳᠦᠢ ᠡᠷᠬᠡ ᠲᠠᠩᠰᠢ ᠪᠠᠷ ᠥᠷᠢᠰᠦᠯᠳᠦᠬᠦ ᠲᠣᠰᠤᠮ ᠢ᠋ᠶ᠋ᠠᠨ ᠪᠥᠬᠡᠴᠦᠳ ᠦ᠋ᠨ ᠦ ᠨᠢ ᠠᠷᠢᠯᠵᠤ᠂ ᠴᠢᠷᠮᠠᠢᠯᠲᠠ ᠨᠢ ᠴᠢᠩᠭᠠᠷᠠᠵᠤ᠂ ᠮᠣᠩᠭᠣᠯ ᠪᠥᠬᠡ ᠶ᠋ᠢᠨ ᠬᠥᠭᠵᠢᠯ ᠳ᠋ᠦ᠍ ᠴᠦ᠍ ᠲᠤᠰᠠᠲᠠᠢ ᠪᠣᠯᠬᠤ ᠶᠤᠮ᠃ ᠲᠡᠢᠮᠦ ᠪᠢᠰᠢ ᠪᠣᠯ ᠲᠡᠷᠢᠭᠦᠯᠡᠴᠢᠬᠡᠯᠡ ᠬᠳ ᠨᠥᠭᠡᠭᠡᠳ ᠳᠡᠭᠡᠭᠰᠢᠯᠡᠯᠡ ᠭᠡᠵᠦ ᠬᠡᠯᠡᠭᠳᠡᠨ᠎ᠡ ᠰᠢᠦ ᠳᠡ᠃ ᠴᠤᠤᠲᠤ ᠪᠥᠬᠡᠴᠦᠳ ᠦ᠋ᠨ ᠢ᠋ᠶ᠋ᠡᠨ ᠴᠢᠷᠠᠢ ᠶ᠋ᠢ ᠲᠡᠭᠡᠵᠦ ᠤᠯᠠᠢᠯᠭᠠᠭᠠᠳ ᠴᠤ᠌ ᠶᠠᠭᠠᠬᠢᠬᠤ ᠪᠣᠢ! ᠰᠢᠪᠠᠭ᠎ᠠ ᠲᠠᠲᠠᠭᠤᠯᠵᠤ ᠴᠢᠳᠠᠬᠤ ᠡᠰᠡᠬᠦ ᠨᠢ ᠠᠤᠬᠠᠠᠭ᠋ ᠰᠡᠳᠬᠢᠯ ᠦ᠋ᠨ ᠬᠦᠯᠢᠶᠡᠰᠦ ᠡᠴᠡ ᠰᠠᠯᠵᠤ ᠴᠢᠳᠠᠬᠤ ᠡᠰᠡᠬᠦ᠂ ᠥᠭᠡᠷ᠎ᠡ ᠪᠡᠷ ᠬᠡᠯᠡᠪᠡᠯ ᠮᠣᠩᠭᠣᠯ ᠪᠥᠬᠡ ᠶ᠋ᠢᠨ ᠢ᠋ᠶ᠋ᠡᠨ ᠬᠥᠭᠵᠢᠯ ᠳ᠋ᠦ᠍ ᠵᠥᠪ ᠣᠢᠯᠠᠭᠠᠯᠲᠠ ᠪᠠᠷ ᠬᠠᠨᠳᠤᠵᠤ ᠴᠢᠳᠠᠬᠤ ᠡᠰᠡᠬᠦ ᠲᠡᠢ ᠬᠣᠯᠪᠣᠭᠳᠠᠨ᠎ᠠ᠃
ᠨᠠᠢᠷ ᠤ᠋ᠨ ᠶᠠᠪᠤᠴᠠ ᠳ᠋ᠤ᠌ ᠪᠥᠬᠡ ᠶ᠋ᠢᠨ ᠳᠦᠷᠢᠮᠵᠢᠯ ᠲᠡᠢ ᠬᠣᠯᠪᠣᠭᠳᠠᠭᠰᠠᠨ ᠡᠳᠦᠢ ᠲᠡᠳᠦᠢ ᠣᠷᠣᠯᠳᠣᠯᠭ᠎ᠠ ᠬᠢᠭᠰᠡᠨ ᠪᠣᠯᠪᠠᠴᠤ ᠲᠤᠭᠤᠰᠢᠲᠠᠢ ᠪᠢᠰᠢ᠃ ᠵᠢᠱ᠌ᠢᠶᠡᠯᠡᠪᠡᠯ ᠵᠣᠳᠣᠭ ᠤ᠋ᠨ ᠵᠠᠭᠠᠮ᠎ᠠ᠂ ᠬᠠᠨᠴᠤᠢ ᠰᠠᠨᠴᠢᠭ᠂ ᠪᠦᠰᠡ ᠵᠢᠴᠢ ᠵᠠᠩᠭᠢᠶ᠎ᠠ ᠶ᠋ᠢ ᠶᠠᠮᠠᠷ ᠪᠠᠷᠢᠮᠵᠢᠶ᠎ᠠ ᠪᠠᠷ ᠬᠢᠬᠦ (ᠵᠠᠩᠭᠢᠶ᠎ᠠ ᠨᠢ ᠤᠯᠠᠮ ᠢ᠋ᠶ᠋ᠠᠷ ᠦᠵᠡᠮᠵᠢ ᠵᠠᠰᠠᠯ ᠤ᠋ᠨ ᠣᠷᠣᠨ ᠳ᠋ᠤ᠌ ᠰᠠᠭᠰᠠᠯᠵᠠᠬᠤ ᠨᠢ ᠣᠯᠠᠨ ᠪᠣᠯᠵᠤ᠂ ᠭᠬᠢᠪ ᠨᠢ ᠬᠡᠲᠦᠷᠬᠡᠢ ᠰᠠᠭᠰᠠᠭᠠᠷ ᠤᠷᠲᠤ ᠪᠠᠢᠨ᠎ᠠ)᠂ ᠬᠠᠢᠨᠴᠠᠬᠤ᠂ ᠴᠠᠭ ᠬᠡᠲᠦᠷᠡᠬᠦ᠂ ᠮᠠᠷᠭᠤᠭᠠᠨ ᠲᠠᠢ ᠪᠠᠷᠢᠯᠳᠤᠭᠠᠨ ᠢ᠋ ᠰᠢᠢᠳᠪᠦᠷᠢᠯᠡᠬᠦ ᠵᠡᠷᠭᠡ ᠳ᠋ᠦ᠍ ᠲᠣᠳᠣᠷᠬᠠᠢ ᠲᠣᠭᠲᠠᠭᠠᠯ ᠦᠭᠡᠢ ᠪᠠᠢᠪᠠᠴᠤ᠂ ᠰᠠᠶᠢᠩ ᠣᠷᠬᠢᠬᠤ᠂ ᠴᠠᠭᠠᠷᠢᠭ ᠲᠤ ᠲᠦᠯᠬᠢᠭᠦᠯᠬᠦ ᠵᠡᠷᠭᠡ ᠪᠦᠳᠦᠭᠦᠯᠢᠭ ᠠᠷᠭ᠎ᠠ ᠠᠪᠤᠭᠰᠠᠨ ᠨᠢ ᠵᠣᠬᠢᠰᠲᠠᠢ ᠪᠢᠰᠢ᠃ ᠡᠳᠡᠭᠡᠷ ᠢ᠋ ᠳᠦᠷᠢᠮᠵᠢᠭᠦᠯᠬᠦ ᠨᠢ ᠪᠥᠬᠡ ᠶ᠋ᠢᠨ ᠲᠦᠭᠡᠮᠡᠯᠵᠢᠯ ᠬᠥᠭᠵᠢᠯ ᠦ᠋ᠨ ᠤᠷᠢᠳᠠᠯ᠃ ᠪᠥᠬᠡ ᠶ᠋ᠢᠨ ᠲᠠᠯ᠎ᠠ ᠪᠠᠷ《ᠡᠷᠬᠡ ᠰᠦᠷ ᠲᠡᠢ》 ᠭᠡᠭᠳᠡᠵᠦ ᠪᠠᠢᠭ᠎ᠠ ᠰᠢᠯᠢ ᠶ᠋ᠢᠨ ᠭᠣᠣᠯ ᠤ᠋ᠨ ᠪᠠᠷᠢᠮᠵᠢᠶ᠎ᠠ ᠪᠠᠷ ᠰᠢᠢᠳᠪᠦᠷᠢ ᠭᠠᠷᠭᠠᠬᠤ ᠨᠢ ᠰᠢᠨᠵᠢᠯᠡᠬᠦ ᠤᠬᠠᠭᠠᠨᠴᠢ ᠪᠢᠰᠢ᠂ ᠬᠡᠨ ᠨᠢᠭᠡ ᠨᠡᠷᠡᠲᠦ ᠬᠥᠮᠦᠨ ᠦ᠌ ᠦᠭᠡ ᠪᠡᠷ ᠳᠦᠷᠢᠮ ᠲᠣᠭᠲᠠᠭᠠᠬᠤ ᠨᠢ ᠴᠦ᠍ ᠪᠤᠷᠤᠭᠤ᠃
ᠶᠡᠬᠡ ᠨᠠᠢᠷ ᠮᠠᠨᠢ 《ᠪᠠᠷᠠᠭᠤᠨ ᠦᠵᠦᠮᠦᠴᠢᠨ ᠬᠤᠰᠢᠭᠤᠨ ᠤ᠋ ᠭᠢᠨᠢᠰ ᠦ᠋ᠨ ᠲᠡᠮᠳᠡᠭᠯᠡᠯ ᠢ᠋ ᠡᠭᠦᠳᠬᠦ2048 ᠪᠥᠬᠡ ᠶ᠋ᠢᠨ ᠶᠡᠬᠡ ᠨᠠᠢᠷ》 ᠭᠡᠰᠡᠨ ᠣᠢᠯᠠᠭᠠᠮᠵᠢ ᠮᠠᠭᠤᠲᠠᠢ ᠨᠡᠷ᠎ᠡ ᠪᠡᠷ ᠬᠢᠭᠳᠡᠯᠡ᠃ ᠶᠠᠭᠠᠬᠢᠭᠠᠳ ᠪᠠᠷᠠᠭᠤᠨ ᠦᠵᠦᠮᠦᠴᠢᠨ ᠦ᠌ ᠭᠢᠨᠢᠰ ᠦ᠋ᠨ ᠲᠡᠮᠳᠡᠭᠯᠡᠯ ᠪᠣᠯᠴᠢᠬᠠᠪᠠ? ᠶᠠᠭᠠᠬᠢᠭᠠᠳ ᠵᠠᠷᠢᠮ ᠳ᠋ᠠᠭᠠᠨ ᠪᠠᠰᠠ《ᠭᠢᠨᠢᠰ ᠦ᠋ᠨ ᠲᠡᠮᠳᠡᠭᠯᠡᠯ ᠢ᠋ ᠡᠪᠳᠡᠭᠰᠡᠨ᠁》 ᠭᠡᠵᠦ ᠪᠤᠷᠤᠭᠤ ᠵᠠᠷᠯᠠᠭᠠᠳ ᠪᠠᠢᠳᠠᠭ ᠪᠣᠢ? ᠴᠣᠬᠣᠮ ᠳ᠋ᠠᠭᠠᠨ ᠲᠡᠮᠳᠡᠭᠯᠡᠯ ᠨᠢ ᠳᠡᠯᠡᠬᠡᠢ ᠶ᠋ᠢᠨ ᠬᠢ᠂ ᠡᠪᠳᠡᠭᠰᠡᠨ ᠪᠢᠰᠢ᠂ ᠡᠭᠦᠳᠦᠭᠰᠡᠨ ᠡᠰᠡᠬᠦᠯ᠎ᠡ ᠲᠡᠮᠳᠡᠭᠯᠡᠭᠳᠡᠭᠰᠡᠨ ᠪᠠᠢᠬᠤ ᠶᠣᠰᠣᠲᠠᠢ᠃ ᠡᠨᠡ ᠨᠡᠷ᠎ᠡ ᠪᠠᠷᠠᠭᠤᠨ ᠦᠵᠦᠮᠦᠴᠢᠨ ᠦ᠌ ᠪᠡᠨ ᠪᠥᠬᠡ ᠶ᠋ᠢ ᠲᠡᠮᠳᠡᠭᠯᠡᠯ ᠳ᠋ᠦ᠍ ᠲᠡᠮᠳᠡᠭᠯᠡᠭᠦᠯᠬᠦ ᠭᠡᠰᠡᠨ ᠮᠡᠲᠦ ᠣᠢᠯᠠᠭᠠᠯᠲᠠ ᠶ᠋ᠢ ᠥᠭᠴᠦ ᠪᠠᠢᠨ᠎ᠠ᠃《ᠪᠠᠷᠠᠭᠤᠨ ᠦᠵᠦᠮᠦᠴᠢᠨ ᠬᠤᠰᠢᠭᠤᠨ ᠤ᠋᠁》 ᠭᠡᠰᠡᠨ ᠲᠣᠳᠣᠳᠬᠠᠯ ᠨᠢ ᠴᠦ᠍《ᠵᠥᠪᠬᠡᠨ ᠮᠠᠨ ᠤ᠋ ᠬᠤᠰᠢᠭᠤᠨ ᠤ᠋᠁》 ᠭᠡᠰᠡᠨ ᠠᠮᠢᠨᠴᠢᠷᠬᠠᠨ ᠥᠩᠭᠡ ᠨᠡᠮᠡᠭᠡᠳ ᠪᠠᠢᠭ᠎ᠠ ᠶᠤᠮ᠃ ᠨᠡᠩ ᠴᠦ᠍ ᠨᠤᠲᠤᠭ ᠤ᠋ᠨ ᠪᠥᠬᠡ ᠪᠡᠨ ᠲᠡᠷᠢᠭᠦᠯᠡᠭᠦᠯᠬᠦ ᠭᠡᠰᠡᠨ ᠴᠢᠷᠮᠠᠢᠯᠭ᠎ᠠ ᠨᠢ ᠨᠠᠢᠷ ᠤ᠋ᠨ ᠨᠡᠷ᠎ᠡ ᠶ᠋ᠢ ᠤᠯᠠᠮ ᠣᠨᠳᠣᠣ ᠲᠠᠢᠰᠢ ᠣᠢᠯᠠᠭᠠᠭᠤᠯᠤᠭᠠᠳ ᠪᠠᠢᠬᠤ ᠶᠤᠮ᠃ ᠲᠡᠭᠡᠪᠡᠯ ᠱᠠᠩᠨᠠᠯ ᠤ᠋ᠨ ᠢᠯᠡᠷᠬᠡᠢᠯᠡᠯ ᠨᠢ ᠭᠠᠭᠴᠠ ᠴᠤ ᠮᠣᠩᠭᠣᠯ ᠦᠰᠦᠭ ᠦᠭᠡᠢ ᠪᠡᠷ ᠢ᠋ᠶ᠋ᠡᠨ ᠲᠡᠮᠳᠡᠭᠯᠡᠯ ᠡᠭᠦᠳᠴᠡᠢ᠃ ᠳᠡᠯᠡᠬᠡᠢ ᠶ᠋ᠢᠨ ᠲᠡᠮᠳᠡᠭᠯᠡᠯ ᠡᠭᠦᠳᠴᠦ ᠪᠣᠢ ᠮᠣᠩᠭᠣᠯ ᠪᠥᠬᠡ ᠶ᠋ᠢᠨ ᠨᠠᠢᠷ (ᠨᠢᠭᠡ ᠶᠣᠰᠣᠨ ᠳ᠋ᠠᠭᠠᠨ ᠮᠣᠩᠭᠣᠯ ᠰᠣᠶᠣᠯ ᠤ᠋ᠨ ᠨᠠᠢᠷ ᠰᠢᠦ ᠳᠡ) ᠪᠠᠢᠭᠠᠳ ᠮᠣᠩᠭᠣᠯ ᠦᠰᠦᠭ ᠢ᠋ᠶ᠋ᠡᠨ ᠬᠦᠨᠳᠦᠳᠬᠡᠨ ᠬᠡᠷᠡᠭᠯᠡᠬᠦ ᠦᠭᠡᠢ ᠭᠡᠳᠡᠭ ᠳᠠᠩᠴᠤ ᠳᠠ! ᠥᠪᠥᠷ ᠮᠣᠩᠭᠣᠯ ᠤ᠋ᠨ ᠬᠡᠪᠴᠢᠶᠡᠨ ᠳ᠋ᠡᠬᠢ ᠥᠩᠭᠡᠨ ᠬᠡᠷᠡᠭᠯᠡᠭᠡᠨ ᠳ᠋ᠦ᠍ ᠮᠣᠩᠭᠣᠯ ᠢ᠋ᠶ᠋ᠠᠷ ᠪᠢᠴᠢᠬᠦ ᠶ᠋ᠢ ᠣᠷᠬᠢᠭᠳᠠᠭᠤᠯᠵᠤ ᠪᠣᠯᠬᠤ ᠦᠭᠡᠢ ᠭᠡᠰᠡᠨ ᠲᠣᠳᠣᠷᠬᠠᠢ ᠲᠣᠭᠲᠠᠭᠠᠯ ᠴᠤ ᠪᠣᠢ ᠰᠢᠦ ᠳᠡ! ᠮᠣᠩᠭᠣᠯ ᠪᠥᠬᠡ᠂ ᠮᠣᠩᠭᠣᠯ ᠦᠰᠦᠭ ᠬᠣᠶᠠᠷ ᠡᠢᠮᠦ ᠬᠤᠪᠢ ᠢᠷᠦᠭᠡᠯ ᠮᠠᠭᠤᠲᠠᠢ ᠶᠤᠮ ᠭᠡᠵᠦ ᠤᠤ? ᠮᠣᠩᠭᠣᠯ ᠦᠰᠦᠭ ᠮᠠᠨᠢ ᠲᠡᠷᠡ ᠠᠤᠭ᠎ᠠ ᠲᠡᠮᠳᠡᠭᠯᠡᠯ ᠦ᠋ᠨ ᠢᠷᠠᠭᠤ ᠠᠯᠳᠠᠷ ᠢ᠋ ᠪᠦᠷᠢᠨ ᠭᠦᠢᠴᠡᠳ ᠢᠯᠡᠷᠬᠡᠢᠯᠡᠵᠦ ᠴᠢᠳᠠᠬᠤ ᠦᠭᠡᠢ ᠶᠦᠮ ᠭᠡᠵᠦ ᠤᠤ?
ᠶᠡᠷᠦ ᠨᠢ ᠭᠢᠨᠢᠰ ᠦ᠋ᠨ ᠲᠡᠮᠳᠡᠭᠯᠡᠯ ᠮᠣᠩᠭᠣᠯ ᠪᠥᠬᠡ ᠳ᠋ᠦ᠍ ᠮᠠᠨᠢ ᠶᠠᠭᠤ ᠠᠪᠴᠢᠷᠠᠪᠠ? ᠭᠡᠳᠡᠭ ᠢ᠋ ᠬᠥᠮᠦᠨ ᠪᠦᠬᠦᠨ ᠲᠤᠩᠭᠠᠨ ᠪᠣᠳᠣᠵᠤ᠂ ᠰᠠᠨᠠᠯ ᠪᠣᠳᠣᠯ ᠢ᠋ᠶ᠋ᠠᠨ ᠶᠠᠷᠢᠵᠤ ᠪᠢᠴᠢᠬᠦ ᠬᠡᠷᠡᠭᠲᠡᠢ᠃ ᠮᠡᠳᠡᠭᠡᠵᠢ ᠡᠨᠡ ᠲᠡᠮᠳᠡᠭᠯᠡᠯ ᠢ᠋ ᠡᠪᠳᠡᠬᠦ ᠭᠡᠵᠦ ᠳᠠᠷᠠᠭᠠᠴᠢ ᠪᠠᠷ 4096 ᠪᠥᠬᠡ ᠶ᠋ᠢᠨ ᠲᠣᠭ᠎ᠠ ᠭᠦᠢᠴᠡᠯᠳᠦᠭᠦᠯᠦᠨᠡ ᠭᠡᠵᠦ ᠪᠤᠵᠢᠭᠢᠨᠠᠬᠤ ᠪᠠᠢᠬ᠎ᠠ᠃ ᠪᠠᠰᠠ ᠠᠯᠢ ᠨᠢᠭᠡ ᠠᠢᠮᠠᠭ ᠪᠤᠶᠤ ᠬᠣᠰᠢᠭᠤ ᠨᠢ ᠥᠪᠡᠷ ᠦ᠋ᠨ ᠪᠥᠬᠡ ᠪᠡᠨ ᠦᠵᠦᠭᠦᠷᠯᠡᠭᠦᠯᠦᠨᠡ ᠭᠡᠵᠦ ᠨᠥᠬᠥᠵᠦ ᠳᠡᠭᠡᠭᠰᠢᠯᠡᠭᠦᠯᠦᠭᠡᠳ᠂ ᠬᠢᠲᠠᠳ ᠦᠰᠦᠭ ᠲᠡᠢ ᠲᠡᠮᠳᠡᠭ ᠠᠳᠬᠤᠭᠤᠯᠤᠭᠠᠳ ᠥᠨᠳᠥᠷᠯᠡᠬᠦ ᠪᠣᠯᠤᠭᠤᠵᠠᠢ! ᠶᠡᠷᠦ ᠨᠢ ᠬᠡᠨ ᠴᠦ᠍᠂ ᠬᠡᠵᠢᠶ᠎ᠡ ᠴᠦ᠍ ᠡᠪᠳᠡᠵᠦ ᠴᠢᠳᠠᠮ᠎ᠠ ᠦᠭᠡᠢ ᠲᠡᠮᠳᠡᠭᠯᠡᠯ ᠢ᠋ ᠮᠣᠩᠭᠣᠯᠴᠤᠳ ᠲᠡᠦᠬᠡᠨ ᠳᠡᠭᠡᠷ᠎ᠡ ᠲᠡᠮᠳᠡᠭᠯᠡᠭᠰᠡᠨ ᠢ᠋ᠶ᠋ᠡᠷ ᠢ᠋ᠶ᠋ᠡᠨ ᠪᠢᠳᠡ ᠲᠡᠮᠳᠡᠭᠯᠡᠯ ᠢ᠋ᠶ᠋ᠡᠷ ᠳᠤᠲᠠᠬᠤ ᠦᠭᠡᠢ᠂ ᠳᠠᠶᠠᠭᠠᠷᠴᠢᠯᠠᠯ ᠤ᠋ᠨ ᠠᠩᠬᠠᠨ ᠤ᠋ ᠠᠯᠬᠤᠮ ᠢ᠋ ᠬᠥᠮᠦᠨ ᠲᠥᠷᠥᠯᠬᠢᠲᠡᠨ ᠦ᠌ ᠡᠮᠦᠨ᠎ᠡ ᠡᠴᠡ ᠠᠯᠬᠤᠵᠤ ᠥᠭᠭᠦᠭᠰᠡᠨ ᠡᠪᠦᠭᠡ ᠳᠡᠭᠡᠳᠦᠰ ᠮᠠᠨᠢ21 ᠳ᠋ᠤᠭᠡᠷ ᠵᠠᠭᠤᠨ ᠳ᠋ᠤ᠌ ᠠᠮᠢᠳᠤᠷᠠᠭ᠎ᠠ ᠪᠢᠳᠡᠨ ᠡᠴᠡ ᠬᠡᠴᠢᠨᠡᠨ ᠬᠣᠯᠠᠴᠢ ᠤᠬᠠᠭ᠎ᠠ ᠲᠠᠢ ᠪᠠᠢᠯ᠎ᠠ ᠭᠡᠳᠡᠭ ᠢ᠋ ᠲᠡᠦᠬᠡ ᠭᠡᠷᠡᠴᠢᠯᠡᠨ᠎ᠡ᠃ ᠮᠣᠩᠭᠣᠯ ᠤ᠋ᠨ ᠬᠠᠭᠠᠳ ᠥᠪᠡᠷ ᠦ᠋ᠨ ᠪᠥᠬᠡ ᠪᠡᠨ ᠫᠧᠷᠰ᠂ ᠬᠢᠪᠴᠠᠭ᠂ ᠬᠢᠲᠠᠳ ᠭᠠᠵᠠᠷ ᠤ᠋ᠨ ᠪᠥᠬᠡᠴᠦᠳ ᠲᠡᠢ ᠪᠠᠷᠢᠯᠳᠤᠭᠤᠯᠵᠤ《ᠠᠶᠤᠮᠰᠢᠭ ᠦᠭᠡᠢ ᠠᠪᠤᠷᠭᠤᠴᠤᠳ ᠠ᠋! ᠪᠠᠷᠢᠯᠳᠤᠵᠠᠭᠠ! ᠭᠤᠷᠪᠠᠨ ᠨᠤᠭᠤᠯᠭᠠᠨ ᠤ᠋ ᠮᠥᠷᠥᠢᠴᠡᠭᠡᠨ ᠳ᠋ᠦ᠍ ᠮᠥᠷᠥ ᠪᠡᠨ ᠰᠢᠷᠤᠢᠳᠠᠭᠤᠯᠤᠭᠠ ᠦᠭᠡᠢ ᠬᠥᠮᠦᠨ ᠢ᠋ ᠪᠠᠭᠠᠲᠤᠷ ᠭᠡᠵᠦ ᠴᠣᠯᠠᠯᠠᠨᠠ᠁》 ᠭᠡᠵᠦ ᠬᠠᠮᠢᠭᠠᠬᠢ ᠶ᠋ᠢᠨ ᠬᠡᠨ ᠴᠦ᠍ ᠲᠡᠷᠢᠭᠦᠯᠡᠵᠦ ᠪᠣᠯᠬᠤ ᠪᠦᠷᠢᠨ ᠪᠣᠯᠤᠮᠵᠢ ᠶ᠋ᠢ ᠬᠠᠢᠷᠠᠯᠠᠳᠠᠭ ᠪᠠᠢᠭᠰᠠᠨ ᠪᠠ ᠬᠠᠷᠢ ᠶ᠋ᠢᠨ ᠰᠠᠢᠨ ᠡᠷᠡᠴᠦᠳ ᠮᠣᠩᠭᠣᠯ ᠪᠥᠬᠡ ᠶ᠋ᠢ ᠬᠠᠭᠠᠨ ᠤ᠋ ᠬᠢᠨᠢ ᠡᠮᠦᠨ᠎ᠡ ᠬᠠᠶᠠᠵᠤ ᠬᠦᠨᠳᠦ ᠱᠠᠩᠨᠠᠭᠳᠠᠵᠤ ᠪᠠᠢᠭᠰᠠᠨ ᠲᠡᠮᠳᠡᠭᠯᠡᠯ ᠪᠣᠢ᠃ ᠡᠢᠨ ᠬᠦ᠌ ᠲᠡᠦᠬᠡ ᠶ᠋ᠢᠨ ᠤᠷᠲᠤ ᠤᠳᠠᠭᠠᠨ ᠶᠠᠪᠤᠴᠠ ᠳ᠋ᠤ᠌ ᠮᠣᠩᠭᠣᠯ ᠪᠥᠬᠡ ᠨᠢ ᠵᠥᠪ ᠬᠥᠭᠵᠢᠯ ᠦ᠋ᠨ ᠵᠢᠮ᠎ᠡ ᠪᠡᠷ ᠢ᠋ᠶ᠋ᠡᠨ ᠲᠦᠭᠡᠮᠡᠯ ᠪᠠᠢᠳᠠᠯ ᠢ᠋ᠶ᠋ᠠᠷ ᠭᠣᠣᠯᠴᠢ ᠥᠷᠢᠰᠦᠯᠳᠦᠭᠡᠨ ᠲᠡᠢ ᠪᠠᠢᠭᠰᠠᠨ ᠪᠣᠯᠪᠠᠴᠤ ᠰᠡᠭᠦᠯ ᠦ᠋ᠨ ᠦᠶ᠎ᠡ ᠳ᠋ᠦ᠍ ᠠᠷᠠᠳᠴᠢ ᠰᠢᠨᠵᠢ ᠪᠡᠨ ᠨᠢᠭᠡ ᠬᠡᠮᠵᠢᠶ᠎ᠡ ᠪᠡᠷ ᠠᠯᠳᠠᠵᠤ᠂ ᠦᠵᠡᠭᠦᠯᠦᠯᠭᠡ ᠶ᠋ᠢᠨ ᠲᠣᠭᠯᠠᠯᠲᠠ ᠶ᠋ᠢᠨ ᠰᠢᠨᠵᠢ ᠲᠡᠢ ᠪᠣᠯᠤᠭ᠎ᠠ ᠶᠤᠮ᠃ ᠠᠯᠢ ᠴᠤ ᠦᠨᠳᠦᠰᠦᠲᠡᠨ ᠦ᠌ ᠤᠯᠠᠮᠵᠢᠯᠠᠯᠲᠤ ᠲᠠᠮᠢᠷ ᠤ᠋ᠨ ᠬᠥᠳᠡᠯᠭᠡᠭᠡᠨ ᠨᠢ ᠬᠥᠮᠦᠨ ᠠᠷᠠᠳ ᠤ᠋ᠨ ᠢ᠋ᠶ᠋ᠠᠨ ᠡᠷ᠎ᠡ ᠵᠣᠷᠢᠭ᠂ ᠢᠲᠡᠭᠡᠯ ᠤᠬᠠᠭᠠᠨ ᠢ᠋ ᠰᠡᠷᠭᠦᠭᠡᠨ ᠳᠠᠭᠤᠳᠠᠬᠤ ᠳ᠋ᠤ᠌ ᠵᠣᠷᠢᠭᠤᠯᠤᠭᠳᠠᠭᠰᠠᠨ ᠪᠠᠢᠳᠠᠭ ᠠ᠋ᠴᠠ ᠪᠢᠰᠢ ᠴᠥᠭᠡᠨ ᠬᠡᠳᠦᠨ ᠬᠥᠮᠦᠨ ᠦ᠌ ᠲᠣᠭᠯᠠᠯᠲᠠ ᠪᠣᠯᠵᠤ ᠦᠵᠡᠭᠴᠢ ᠶ᠋ᠢᠨ ᠨᠢᠳᠦ ᠶ᠋ᠢ ᠬᠤᠵᠢᠷᠯᠠᠬᠤ ᠲᠡᠳᠦᠢ ᠬᠦᠷᠲᠡᠭᠡᠯ ᠪᠣᠯᠳᠠᠭ ᠦᠭᠡᠢ ᠶᠦᠮ᠃
ᠡᠢᠨ ᠬᠦ᠌ ᠬᠥᠭᠵᠢᠭᠰᠡᠨ ᠤᠯᠤᠰ ᠤ᠋ᠳ ᠦᠨᠳᠦᠰᠦᠲᠡᠨ ᠦ᠌ ᠪᠡᠨ ᠤᠯᠠᠮᠵᠢᠯᠠᠯᠲᠤ ᠲᠠᠮᠢᠷ ᠤ᠋ᠨ ᠬᠥᠳᠡᠯᠭᠡᠭᠡᠨ ᠢ᠋ᠶ᠋ᠡᠨ ᠪᠦᠬᠦ ᠠᠷᠠᠳ ᠲᠠᠭᠠᠨ ᠲᠦᠭᠡᠮᠡᠯᠵᠢᠭᠦᠯᠬᠦ ᠲᠠᠢᠰᠢ ᠵᠢᠳᠬᠦᠵᠦ ᠰᠤᠷᠭᠠᠭᠤᠯᠢ ᠶ᠋ᠢᠨ ᠲᠠᠮᠢᠷ ᠤ᠋ᠨ ᠬᠢᠴᠢᠶᠡᠯ ᠳ᠋ᠡᠬᠢ ᠵᠠᠪᠠᠯ ᠰᠤᠷᠬᠤ ᠲᠥᠷᠥᠯ ᠪᠣᠯᠭᠠᠵᠤ ᠪᠣᠢ᠃ ᠬᠠᠷᠢᠨ ᠮᠣᠩᠭᠣᠯ ᠪᠥᠬᠡ ᠬᠥᠭᠵᠢᠯ ᠦ᠋ᠨ ᠡᠨᠡ ᠴᠢᠭᠯᠡᠯ ᠡᠴᠡ ᠪᠠᠭ᠎ᠠ ᠭᠠᠵᠢᠵᠤ ᠪᠠᠢᠨ᠎ᠠ᠃ ᠮᠦᠽᠧᠢ ᠳ᠋ᠦ᠍ ᠣᠷᠣᠬᠤ ᠦᠵᠡᠭᠦᠯᠦᠯᠭᠡ ᠪᠣᠯᠬᠤ ᠨᠢ ᠦᠨ᠎ᠡ ᠳ᠋ᠦ᠍ ᠣᠷᠣᠭᠰᠠᠨ ᠶᠠᠪᠤᠳᠠᠯ ᠮᠥᠨ ᠪᠣᠯᠪᠠᠴᠤ ᠲᠦᠭᠡᠮᠡᠯ ᠰᠢᠨᠵᠢ ᠪᠡᠨ ᠠᠯᠳᠠᠵᠤ᠂ ᠤᠯᠠᠮᠵᠢᠯᠠᠯ ᠲᠠᠰᠤᠷᠠᠵᠤ ᠪᠠᠢᠬᠤ ᠶ᠋ᠢᠨ ᠲᠣᠭᠢᠢᠡ ᠪᠢᠯᠡ᠃ ᠥᠭᠡᠷ᠎ᠡ ᠪᠡᠷ ᠬᠡᠯᠡᠪᠡᠯ᠂ ᠰᠣᠶᠣᠯ ᠤ᠋ᠨ ᠦᠨ᠎ᠡ ᠴᠠᠨ᠎ᠠ ᠨᠢ ᠬᠢᠮᠳᠠᠷᠠᠵᠤ ᠪᠠᠢᠭ᠎ᠠ ᠤᠴᠢᠷ ᠶᠤᠮ᠃ ᠱᠠᠩ ᠤ᠋ᠨ ᠶᠡᠬᠡ ᠪᠠᠭ᠎ᠠ᠂ ᠢᠷᠠᠭᠤ ᠠᠯᠳᠠᠷ ᠤ᠋ᠨ ᠭᠡᠷᠡᠯ ᠭᠢᠯᠪᠠᠭ᠎ᠠ᠂ ᠮᠥᠩᠭᠥ ᠵᠣᠭᠣᠰ ᠢ᠋ᠶ᠋ᠠᠷ ᠥᠷᠲᠡᠭᠯᠡᠬᠦ᠁ ᠵᠡᠷᠭᠡ ᠨᠢ ᠮᠣᠩᠭᠣᠯ ᠪᠥᠬᠡ ᠪᠠ ᠮᠣᠩᠭᠣᠯ ᠰᠣᠶᠣᠯ ᠳ᠋ᠤ᠌ ᠶᠠᠮᠠᠷ ᠲᠤᠰᠠᠲᠠᠢ ᠭᠡᠳᠡᠭ ᠢ᠋ ᠲᠤᠩᠭᠠᠬᠤ ᠬᠡᠷᠡᠭᠲᠡᠢ᠃
ᠶᠠᠮᠠᠷ ᠴᠤ᠌ ᠭᠡᠰᠡᠨ ᠴᠤᠤ ᠶᠡᠬᠡᠲᠡᠢ ᠨᠠᠢᠷ ᠴᠤᠤ ᠶᠡᠬᠡᠲᠡᠢ ᠥᠨᠳᠥᠷᠯᠡᠵᠦ᠂ ᠲᠡᠮᠳᠡᠭᠯᠡᠯ ᠳ᠋ᠦ᠍ ᠲᠣᠭ᠎ᠠ ᠪᠠᠨ ᠪᠢᠴᠢᠭᠦᠯᠦᠭᠰᠡᠨ ᠶ᠋ᠢᠡᠷ ᠶ᠋ᠢᠡᠨ ᠠᠮᠲᠠᠷᠬᠠᠵᠠᠭᠠᠵᠤ ᠪᠠᠢᠨ᠎ᠠ᠃ ᠬᠦᠰᠡᠬᠦ ᠨᠢ ᠡᠭᠦᠨ ᠡᠴᠡ ᠪᠣᠯᠵᠤ ᠲᠡᠮᠳᠡᠭᠯᠡᠯ ᠡᠪᠳᠡᠬᠦ ᠬᠡᠨᠡᠭᠡ ᠲᠡᠢ ᠪᠣᠯᠴᠢᠬᠠᠵᠤ᠂ ᠲᠠᠯ᠎ᠠ ᠳᠦᠭᠦᠷᠡᠩ ᠪᠥᠬᠡ ᠳᠡᠪᠢᠭᠦᠯᠵᠦ ᠲᠣᠭ᠎ᠠ ᠶ᠋ᠢ ᠨᠢ ᠪᠦᠷᠢᠳᠬᠡᠴᠢᠬᠡᠭᠡᠳ᠂ 《ᠮᠠᠨ ᠤ᠋ ᠮᠣᠩᠭᠣᠯ ᠪᠥᠬᠡ ᠳᠡᠯᠡᠬᠡᠢ ᠳ᠋ᠦ᠍ ᠠᠯᠳᠠᠷᠰᠢᠭᠰᠠᠨ》 ᠭᠡᠮᠡᠨ ᠬᠡᠲᠦᠷᠬᠡᠢ ᠳᠣᠭᠳᠣᠯᠬᠤ ᠦᠭᠡᠢ ᠪᠠᠢᠭᠠᠰᠠᠢ! ᠮᠣᠩᠭᠣᠯ ᠨᠤᠲᠤᠭ ᠮᠠᠨᠢ ᠲᠡᠷᠡ ᠴᠢᠭ ᠢ᠋ᠶ᠋ᠡᠷ ᠢ᠋ᠶ᠋ᠡᠨ ᠮᠣᠩᠭᠣᠯ ᠪᠥᠬᠡ ᠶ᠋ᠢᠨ ᠰᠣᠶᠣᠯ ᠤ᠋ᠨ ᠳᠠᠭᠰᠢᠨ ᠣᠷᠣᠨ ᠶᠤᠮ᠃ ᠡᠨᠡ ᠲᠠᠭᠰᠢᠨ ᠣᠷᠣᠨ ᠤ᠋ ᠪᠠᠨ ᠪᠦᠬᠦ ᠶᠠᠭᠤᠮᠠᠨ ᠳ᠋ᠤ᠌ ᠮᠣᠩᠭᠣᠯ ᠬᠥᠮᠦᠨ ᠪᠦᠬᠦᠨ ᠡᠷᠬᠡ ᠲᠡᠩᠴᠡᠭᠦᠦ ᠡᠵᠡᠨ ᠨᠢ ᠶᠦᠮ ᠭᠡᠳᠡᠭ ᠢ᠋ ᠰᠠᠨᠠᠵᠤ ᠶᠠᠪᠤᠵᠠᠭᠠᠶ᠎ᠠ!
——————
① ᠡᠨᠡ ᠵᠣᠬᠢᠶᠠᠯ《ᠰᠢᠨᠵᠢᠯᠡᠬᠦ ᠤᠬᠠᠭᠠᠨ ᠠᠮᠢᠳᠤᠷᠠᠯ》— ᠰᠡᠳᠬᠦᠯ ᠦ᠋ᠨ2004 ᠣᠨ ᠤ᠋10 ᠳ᠋ᠤᠭᠠᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃
ᠦᠰᠦᠭ ᠠᠮᠢᠯᠠᠭᠤᠯᠤᠭᠴᠢ᠄ ᠸᠠᠩ᠂ ᠪᠠᠳᠮ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
