ᠲᠤᠰᠠᠲᠠᠢ - ᠬᠠᠲᠠᠴᠢᠨ ᠱᠠᠵᠢᠨТустай-Хатчин Шажин Tustai
ᠲᠤᠰᠠᠲᠠᠢ
ᠬᠠᠲᠠᠴᠢᠨ ᠱᠠᠵᠢᠨ
ᠲᠤᠰᠠᠲᠠᠢ ᠭᠡᠭᠴᠢ ᠶᠠᠭᠤ ᠶᠤᠮ ᠪᠣᠢ
ᠲᠤᠭᠤᠯ ᠤ᠋ᠨ ᠪᠡᠯᠴᠢᠭᠡᠷ ᠲᠣᠣᠷᠯᠠᠭᠳᠠᠭᠠᠳ
ᠲᠣᠭᠯᠠᠳᠠᠭ ᠬᠡᠦᠬᠡᠳ ᠦ᠋ᠳ ᠲᠣᠭᠯᠭᠠᠮᠰᠢᠭᠠᠳ
ᠲᠤᠩ ᠴᠤ᠌ ᠲᠤᠰᠠ ᠨᠢ ᠶᠠᠭᠤ ᠪᠢᠯᠡ
ᠲᠣᠣᠷᠯᠠᠭᠳᠠᠭᠰᠠᠨ ᠪᠡᠯᠴᠢᠭᠡᠷ ᠥᠩᠰᠢᠨᠡ ᠭᠡᠵᠦ
ᠲᠣᠭᠯᠠᠭᠠᠮᠰᠢᠬᠰᠠᠨ ᠬᠡᠦᠬᠡᠳ ᠮᠡᠷᠭᠡᠰᠢᠨᠡ ᠭᠡᠵᠦ
ᠲᠤᠢᠯ ᠤ᠋ᠨ ᠮᠡᠷᠭᠡᠨ ᠨᠠᠮ ᠤ᠋ᠨ ᠪᠣᠳᠣᠯᠭ᠎ᠠ
ᠲᠤᠶᠠᠭᠠᠷᠠᠬᠤ ᠲᠦᠮᠡᠨ ᠦ᠌ ᠪᠠᠶᠠᠵᠢᠯ ᠤ᠋ᠨ ᠬᠠᠷᠭᠤᠢ
ᠡᠨᠡ ᠪᠣᠳᠣᠯᠭ᠎ᠠ ᠶ᠋ᠢᠨ ᠠᠴᠢ ᠲᠤᠰᠠ
ᠡᠨᠡ ᠴᠠᠭ ᠤ᠋ᠨ ᠥᠩᠭᠡᠲᠦ ᠭᠢᠯᠪᠠᠭ᠎ᠠ
ᠡᠨᠡ ᠡᠷᠢᠨ ᠦ᠌ ᠰᠡᠪᠡᠯᠵᠡᠬᠦ ᠰᠠᠯᠬᠢ
ᠢᠷᠡᠬᠦ ᠮᠠᠷᠭᠠᠰᠢ ᠶ᠋ᠢᠨ ᠲᠤᠰᠠᠲᠠᠢ ᠵᠠᠮ
ᠲᠦᠮᠡᠨ ᠣᠯᠠᠨ ᠤ᠋ ᠡᠪ ᠦ᠋ᠨ ᠣᠷᠣᠰᠢᠯ
ᠲᠥᠷᠥᠬᠦ ᠦᠬᠦᠬᠦ ᠶ᠋ᠢᠨ ᠬᠠᠮᠲᠤ ᠶ᠋ᠢᠨ ᠵᠠᠢ
ᠲᠥᠯᠵᠢᠬᠦ ᠦᠷᠡᠭᠳᠡᠬᠦ ᠶ᠋ᠢᠨ ᠵᠢᠮ᠎ᠡ ᠶᠣᠰᠣ
ᠲᠦᠮᠡᠨ ᠪᠣᠳᠠᠰ ᠤ᠋ᠨ ᠲᠤᠰᠠᠲᠠᠢ ᠬᠣᠷᠸ᠎ᠠ
ᠦᠰᠦᠭ ᠠᠮᠢᠯᠠᠭᠤᠯᠤᠭᠴᠢ᠄ ᠬᠠᠲᠠᠴᠢᠨ ᠱᠠᠵᠢᠨ
ᠬᠢᠨᠠᠭᠴᠢ᠄ ᠣᠳᠬᠠᠨᠰᠣ᠎ᠠ
