ᠪᠠᠬᠠᠷᠬᠠᠯ ᠤᠨ ᠡᠷᠴᠢᠮ ᠳᠣᠯᠭᠢᠶᠠᠨ– ᠶᠣᠨᠳᠣᠨ ᠤ ᠪᠢᠯᠢᠭ᠌ - ᠪᠠᠭᠠᠲᠤᠷ Бахархлын эрчим долгион – Ёндоны Билиг - Баатар
ᠪᠠᠬᠠᠷᠬᠠᠯ ᠤᠨ ᠡᠷᠴᠢᠮ ᠳᠣᠯᠭᠢᠶᠠᠨ
ᠪᠢᠳᠡᠨᠦᠰ ᠦ᠋ᠨ ᠡᠪᠦᠭᠡ ᠳᠡᠭᠡᠳᠦᠰ
ᠲᠡᠭᠦᠨ ᠡᠴᠡ ᠠᠰᠤᠷᠤ ᠥᠨᠳᠥᠷ ᠥᠨᠳᠥᠷ
ᠲᠡᠭᠦᠯᠳᠡᠷ ᠭᠠᠢᠬᠠᠮᠰᠢᠭ ᠤ᠋ᠨ ᠲᠠᠩᠨᠠᠢ ᠪᠠᠷ ᠯᠠ
ᠲᠡᠮᠦᠵᠢᠨ ᠲᠡᠭᠷᠢᠯᠢᠭ ᠵᠢᠪᠬᠤᠯᠠᠩ ᠲᠠᠢ
ᠨᠢᠰᠬᠦ ᠶ᠋ᠢᠨ ᠤᠳᠬ᠎ᠠ ᠠ᠋ ᠁
ᠥᠷᠯᠥᠭ ᠪᠠᠭᠠᠲᠤᠷᠯᠢᠭ ᠴᠡᠯᠮᠡᠭ ᠤᠬᠠᠭᠠᠯᠢᠭ
ᠡᠪᠦᠭᠡ ᠡᠮᠡᠭᠡ ᠁
ᠡᠴᠢᠭᠡ ᠡᠬᠡ ᠪᠡᠷ ᠢ᠋ᠶ᠋ᠡᠨ ᠁
ᠦᠷ᠎ᠡ ᠬᠡᠦᠬᠡᠳ ᠦ᠋ᠳ ᠨᠢ ᠣᠮᠣᠭᠰᠢᠨ᠎ᠠ
ᠪᠠᠯᠴᠢᠷᠬᠠᠨ ᠪᠠᠭ᠎ᠠ ᠳ᠋ᠠᠭᠠᠨ ᠬᠡᠦᠬᠡᠳ ᠦ᠋ᠳ
ᠠᠪᠤ ᠡᠵᠢ ᠶ᠋ᠢᠨ ᠢ᠋ᠶ᠋ᠡᠨ ᠭᠡᠷᠡᠯ ᠭᠡᠭᠡᠨ ᠳ᠋ᠦ᠍
ᠦᠷ᠎ᠡ ᠬᠣᠢᠴᠢᠰ ᠬᠡᠦᠬᠡᠳ ᠦ᠋ᠳ ᠨᠢ
ᠥᠭᠡᠳᠡ ᠪᠠᠳᠠᠷᠠᠩᠭᠤᠢ ᠶᠠᠪᠤᠬᠤ ᠲᠣᠰᠤᠮ ᠢ᠋ᠶ᠋ᠠᠨ
ᠡᠪᠦᠭᠡ ᠪᠤᠭᠤᠷᠤᠯ ᠤ᠋ᠳ ᠨᠢ ᠬᠠᠨᠠᠭᠠᠷ ᠠ᠋
ᠪᠠᠬᠠᠷᠬᠠᠯ ᠤ᠋ᠨ ᠡᠷᠴᠢᠮ ᠳᠣᠯᠭᠢᠶᠠᠨ ᠭᠡᠳᠡᠭ
ᠦᠶᠡᠯᠡᠯ ᠬᠡᠯᠪᠡᠯᠵᠡᠯ ᠦ᠋ᠨ ᠡᠭᠡᠯᠵᠢ ᠬᠠᠯᠠᠭ᠎ᠠ ᠲᠠᠢ
ᠰᠠᠨᠰᠠᠷ ᠣᠷᠴᠢᠯᠠᠩ ᠤ᠋ᠨ ᠡᠷᠴᠢᠮ ᠣᠷᠴᠢᠯ
ᠰᠠᠶ᠎ᠠ ᠵᠢᠸ᠎ᠠ ᠵᠢᠯ ᠡᠨᠡ ᠯᠡ ᠬᠠᠤᠯᠢ ᠪᠠᠷ
ᠬᠡᠦᠬᠡᠳ ᠦ᠋ᠳ ᠢ᠋ᠶ᠋ᠡᠨ ᠪᠠᠬᠠᠷᠬᠠᠵᠤ ᠰᠤᠷ
ᠬᠡᠦᠬᠡᠳ ᠦ᠋ᠳ ᠢ᠋ᠶ᠋ᠡᠷ ᠢ᠋ᠶ᠋ᠡᠨ ᠪᠠᠬᠠᠷᠬᠠᠵᠤ ᠰᠤᠷ
ᠲᠠᠨ ᠤ᠋ ᠯᠠ ᠠᠮᠢ ᠨᠠᠰᠤᠨ ᠤ᠋ ᠦᠷᠭᠦᠯᠵᠢᠯᠡᠯ
ᠲᠠ ᠦᠬᠦᠰᠢ ᠦᠭᠡᠢ ᠮᠥᠩᠬᠡ ᠶᠦᠮ᠃
2024᠂ 07᠂ 30᠃14᠄ 39᠃ ᠮᠢᠨᠦ᠋ᠲ᠃
ᠪᠢᠴᠢᠭ ᠦ᠋ᠨ ᠥᠷᠥᠭᠡᠨ ᠳ᠋ᠡᠭᠡᠨ
ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ᠃
