ᠢᠷᠥᠭᠡᠯ ᠳᠠᠯᠠᠯᠤᠭᠰᠠᠨ ᠠᠶᠠᠯᠭᠤ-Gan-Erdene - Yuruul dallasan ayalguu Ерөөл далласан аялгуу-Х.Ган-Эрдэнэ
ᠢᠷᠦᠭᠡᠯ ᠳᠠᠯᠠᠯᠤᠭᠰᠠᠨ ᠠᠶᠠᠯᠭᠤ
ᠦᠭᠡ᠄ ᠶ᠋ᠢᠨ· ᠳᠡᠯᠭᠡᠷᠳᠠᠯᠠᠢ
ᠠᠶ᠎ᠠ᠄ ᠮ· ᠪᠢᠮᠪᠠᠵᠠᠪ
ᠳᠠᠭᠤᠴᠢᠨ᠄ ᠭᠠᠩ᠊ᠡᠷᠳᠡᠨᠢ
ᠪᠣᠷᠣᠭ ᠡᠪᠡᠰᠦ ᠲᠡᠢ ᠲᠠᠯ᠎ᠠ ᠳ᠋ᠤ᠌ ᠮᠢᠨᠢ
ᠪᠣᠷᠣᠭ᠎ᠠ ᠬᠤᠷᠳᠤᠨ ᠰᠢᠪᠡᠷᠡᠭᠡᠰᠡᠢ
ᠪᠣᠳᠣᠯ ᠳ᠋ᠤ᠌ ᠭᠡᠭᠡᠬᠡᠨ ᠬᠠᠢᠷ᠎ᠠ ᠳ᠋ᠤ᠌ ᠮᠢᠨᠢ
ᠬᠤᠷ᠎ᠠ ᠰᠢᠭ᠋ ᠦᠭᠡᠰ ᠢ ᠰᠢᠪᠡᠨᠡᠭᠡᠰᠡᠢ
ᠰᠠᠯᠬᠢᠨ ᠳ᠋ᠤ᠌ ᠭᠠᠩᠬᠤᠬᠤ ᠡᠪᠡᠰᠦ ᠨᠢ
ᠨᠠᠮᠤᠷ ᠤ᠋ᠨ ᠰᠠᠷ᠎ᠠ ᠳ᠋ᠤ᠌ ᠪᠠᠨ ᠴᠤ᠌ ᠨᠠᠮᠢᠷᠠᠭᠠᠰᠠᠢ
ᠰᠠᠨᠠᠭᠠᠨ ᠳ᠋ᠤ᠌ ᠳᠣᠲᠣᠨᠣᠬᠠᠨ ᠬᠠᠢᠷ᠎ᠠ ᠮᠢᠨᠢ
ᠨᠠᠰᠤᠨ ᠤ᠋ ᠤᠷᠲᠤ ᠳ᠋ᠤ᠌ ᠵᠢᠷᠭᠠᠭᠠᠰᠠᠢ
ᠠᠭᠠᠰᠢ ᠪᠠᠨ ᠨᠢᠭᠤᠭᠰᠠᠨ ᠡᠭᠦᠯᠡᠰ ᠨᠢ
ᠨᠠᠮᠢᠷᠠᠭ᠎ᠠ ᠬᠤᠷ᠎ᠠ ᠲᠠᠢ ᠥᠩᠭᠡᠷᠡᠭᠡᠰᠡᠢ
ᠨᠠᠳᠠ ᠳ᠋ᠤ᠌ ᠪᠠᠨ ᠬᠠᠢᠷᠠᠲᠠᠢ ᠴᠢ ᠮᠢᠨᠢ
ᠰᠡᠳᠬᠢᠯ ᠳ᠋ᠦ᠍ ᠦᠷᠭᠦᠯᠵᠢ ᠮᠥᠩᠬᠡᠷᠡᠭᠡᠰᠡᠢ
ᠰᠠᠢᠷ ᠤ᠋ᠨ ᠵᠠᠬ᠎ᠠ ᠪᠠᠨ ᠳᠠᠪᠠᠭᠠᠳ
ᠰᠠᠢᠬᠠᠨ ᠤᠰᠤ ᠮᠢᠨᠢ ᠬᠠᠯᠭᠢᠭᠠᠰᠠᠢ
ᠴᠠᠢᠯᠭᠠᠨ ᠬᠠᠢᠷ᠎ᠠ ᠶ᠋ᠢᠨ ᠦᠭᠡᠰ ᠢ᠋ᠶ᠋ᠡᠨ
ᠰᠠᠨᠠᠨ ᠰᠠᠨᠠᠨ ᠳᠤᠷᠠᠰᠤᠭᠠᠰᠠᠢ
ᠬᠠᠪᠤᠷ ᠢ᠋ ᠬᠦᠯᠢᠶᠡᠭᠰᠡᠨ ᠬᠠᠩᠭᠠᠢ ᠳ᠋ᠤ᠌ ᠮᠢᠨᠢ
ᠬᠠᠢᠯᠭᠠᠨ ᠢᠷᠭᠤᠢ ᠣᠷᠭᠣᠭᠠᠰᠠᠢ
ᠬᠠᠢᠷ᠎ᠠ ᠶ᠋ᠢ ᠪᠤᠯᠢᠶᠠᠭᠰᠠᠨ ᠴᠢ ᠮᠢᠨᠢ
ᠨᠠᠳᠠ ᠪᠠᠨ ᠡᠷᠬᠢᠯᠡᠨ ᠵᠢᠷᠭᠠᠭᠠᠰᠠᠢ
ᠴᠠᠢᠷᠠᠬᠤ ᠬᠤᠷ᠎ᠠ ᠨᠢ ᠰᠢᠮ᠎ᠡ ᠪᠡᠷ ᠢ᠋ᠶ᠋ᠡᠨ
ᠴᠠᠷᠮ᠎ᠠ ᠶ᠋ᠢᠨ ᠴᠡᠴᠡᠭ ᠦ᠋ᠳ ᠢ᠋ᠶ᠋ᠡᠨ ᠥᠩᠭᠡᠯᠡᠭᠰᠡᠭᠡᠷ
ᠴᠠᠭ ᠤ᠋ᠨ ᠤᠷᠤᠰᠬᠠᠯ ᠬᠠᠢᠷ᠎ᠠ ᠮᠢᠨᠢ
ᠴᠠᠭᠠᠨ ᠠᠭᠤᠯᠠ ᠰᠢᠭ᠋ ᠮᠥᠩᠬᠡᠷᠡᠭᠡᠰᠡᠢ
ᠴᠠᠢᠷᠠᠬᠤ ᠬᠤᠷ᠎ᠠ ᠨᠢ ᠰᠢᠮ᠎ᠡ ᠪᠡᠷ ᠢ᠋ᠶ᠋ᠡᠨ
ᠴᠠᠷᠮ᠎ᠠ ᠶ᠋ᠢᠨ ᠴᠡᠴᠡᠭ ᠦ᠋ᠳ ᠢ᠋ᠶ᠋ᠡᠨ ᠥᠩᠭᠡᠯᠡᠭᠰᠡᠭᠡᠷ
ᠴᠠᠭ ᠤ᠋ᠨ ᠤᠷᠤᠰᠬᠠᠯ ᠬᠠᠢᠷ᠎ᠠ ᠮᠢᠨᠢ
ᠴᠠᠭᠠᠨ ᠠᠭᠤᠯᠠ ᠰᠢᠭ᠋ ᠮᠥᠩᠬᠡᠷᠡᠭᠡᠰᠡᠢ
ᠴᠠᠭ ᠤ᠋ᠨ ᠤᠷᠤᠰᠬᠠᠯ ᠬᠠᠢᠷ᠎ᠠ ᠮᠢᠨᠢ
ᠴᠠᠭᠠᠨ ᠠᠭᠤᠯᠠ ᠰᠢᠭ᠋ ᠮᠥᠩᠬᠡᠷᠡᠭᠡᠰᠡᠢ
ᠦᠰᠦᠭ ᠠᠮᠢᠯᠠᠭᠤᠯᠤᠭᠴᠢ᠄ ᠣᠳᠬᠤᠩᠬᠤᠸᠠᠷ· ᠡᠩᠬᠡᠮᠡᠨᠳᠦ
ᠦᠰᠦᠭ ᠬᠠᠲᠠᠭᠰᠠᠨ ᠨᠢ᠄ ᠪᠦᠷᠢᠨᠵᠢᠷᠭᠠᠯ
ᠬᠢᠨᠠᠭᠠᠴᠢ ᠪᠠᠭᠰᠢ᠄ ᠣᠳᠬᠤᠩᠬᠤᠸᠠᠷ· ᠡᠩᠬᠡᠪᠠᠭᠠᠲᠤᠷ᠂ ᠭᠡᠷᠡᠯ᠂ ᠵᠢᠨ ᠬᠠᠢ· ᠢᠷᠡᠭᠡᠳᠦᠢ᠂ ᠪᠢᠮᠪᠠ᠂ ᠬᠥᠬᠡ ᠮᠣᠩᠭᠣᠯ
