ᠵᠣᠯ ᠲᠠᠢ ᠯᠠ ᠶᠤᠮ ᠡ᠂ ᠵᠣᠯ ᠲᠠᠢ ᠶᠤᠮ ᠳ᠋ᠠ – ᠶᠣᠨᠳᠣᠨ ᠤ ᠪᠢᠯᠢᠭ᠌ - ᠪᠠᠭᠠᠲᠤᠷ Жолтой л юм аа ᠂ жолтой юм да – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠯ ᠲᠠᠢ ᠯᠠ ᠶᠤᠮ ᠡ᠂ ᠵᠣᠯ ᠲᠠᠢ ᠶᠤᠮ ᠳ᠋ᠠ – ᠶᠣᠨᠳᠣᠨ ᠤ ᠪᠢᠯᠢᠭ᠌ - ᠪᠠᠭᠠᠲᠤᠷ Жолтой л юм аа ᠂ жолтой юм да – Ёндоны Билиг - Баатар

ᠵᠣᠯ ᠲᠠᠢ ᠯᠠ ᠶᠤᠮ ᠡ᠂ ᠵᠣᠯ ᠲᠠᠢ ᠶᠤᠮ ᠳ᠋ᠠ – ᠶᠣᠨᠳᠣᠨ ᠤ ᠪᠢᠯᠢᠭ᠌ - ᠪᠠᠭᠠᠲᠤᠷ Жолтой л юм аа ᠂ жолтой юм да – Ёндоны Билиг - Баатар

2024-08-08

279

ᠵᠣᠯ ᠲᠠᠢ ᠯᠠ ᠶᠤᠮ ᠡ᠂ ᠵᠣᠯ ᠲᠠᠢ ᠶᠤᠮ ᠳ᠋ᠠ


 ᠵᠣᠷᠢᠮᠠᠭ ᠠᠭᠠᠳ ᠮᠤᠨᠳᠠᠭ ᠡᠷᠳᠡᠮᠲᠡᠳ ᠪᠦᠬᠦᠢ 
 ᠵᠢᠷᠤᠮ ᠤ᠋ᠨ ᠡᠭᠡᠴᠢ 
 ᠬᠦᠷᠭᠡᠨ ᠠᠬ᠎ᠠ ᠶ᠋ᠢᠨ ᠢ᠋ᠶ᠋ᠡᠨ ᠭᠡᠷ ᠡᠴᠡ 
 ᠵᠣᠴᠢᠯᠠᠭᠤᠯᠤᠨ ᠨᠠᠷᠭᠢᠵᠤ ᠭᠠᠷᠤᠭᠠᠳ ᠯᠠ 
 ᠥᠪᠥᠷ ᠮᠣᠩᠭᠣᠯ ᠤ᠋ᠨ 
 ᠰᠢᠨᠵᠢᠯᠡᠭᠡ ᠮᠡᠷᠭᠡᠵᠢᠯ ᠦ᠋ᠨ ᠣᠷᠳᠣᠨ ᠬᠠᠪᠢ 
 ᠵᠢᠰᠢᠶᠡᠨ ᠤ ᠮᠠᠰᠢᠨ ᠳ᠋ᠤ᠌ ᠰᠠᠭᠤᠭᠠᠳ ᠯᠠ 
 ᠠᠯᠲᠠᠨ ᠨᠤᠲᠤᠭ ᠤ᠋ᠨ ᠴᠡᠩᠬᠡᠷ ᠣᠷᠭᠢᠯᠲᠤ – 
 ᠥᠪᠡᠷ ᠦ᠋ᠨ ᠬᠣᠷᠢᠶᠠᠯᠠᠯ ᠳ᠋ᠠᠭᠠᠨ ᠬᠦᠷᠬᠦᠢ –  
 ᠪᠢᠴᠢᠯ ᠠᠶᠠᠯᠠᠯ ᠤ᠋ᠨ ᠬᠣᠭᠣᠷᠣᠨᠳᠣ ᠯᠠ 
 ᠵᠤᠨ ᠤ᠋ ᠤᠯᠠᠷᠢᠯ ᠤ᠋ᠨ ᠬᠥᠬᠥᠭᠡ ᠰᠢᠪᠠᠭᠤ 
 ᠵᠤᠭᠠᠲᠠᠢ ᠨᠢ ᠠᠷᠭ᠎ᠠ ᠦᠭᠡᠢ 
 ᠭᠡᠨᠡᠲᠡᠢ ᠰᠠᠢᠬᠠᠨ ᠳᠣᠩᠭᠣᠳᠤᠭᠠᠳ ᠯᠠ 
 ᠵᠣᠯ ᠵᠤᠯᠠ ᠲᠠᠢ ᠶᠤᠮ ᠳᠠ! ᠪᠢ ᠴᠢᠨᠢ!
 ᠵᠣᠯ ᠲᠠᠢ ᠯᠠ ᠶᠤᠮ ᠠ᠋! ᠪᠢ ᠁ 
 ᠬᠠᠮᠤᠭ ᠤ᠋ᠨ ᠬᠠᠮᠤᠭ ᠤ᠋ᠨ ᠡᠭᠡᠯ ᠵᠢᠵᠢᠭᠬᠡᠨ ᠪᠢ 
 ᠬᠠᠮᠢᠭ᠎ᠠ ᠶᠠᠪᠤᠭᠰᠠᠨ ᠴᠦ᠍ ᠯᠠ 
 ᠱᠠᠭᠠᠵᠠᠭᠠᠢ ᠨᠠᠮ᠎ᠠ ᠶ᠋ᠢ ᠲᠣᠭᠣᠷᠢᠭᠠᠳ ᠯᠠ 
 ᠱᠠᠭᠢᠭᠰᠠᠨ ᠪᠣᠷᠣᠭᠠᠨ ᠰᠢᠭ᠋ ᠱᠠᠭᠰᠢᠬᠤ ᠶᠤᠮ 
 ᠬᠥᠳᠡᠭᠡ ᠬᠣᠲᠠ ᠦᠭᠡᠢ ᠬᠠᠮᠢᠭ᠎ᠠ ᠴᠦ᠍  
 ᠬᠥᠬᠥᠭᠡ ᠯᠡ ᠮᠢᠨᠦ ᠡᠷᠭᠢᠨ ᠲᠣᠭᠣᠷᠢᠨ ᠳ᠋ᠤ᠌ 
 ᠬᠦᠩᠭᠢᠨᠡᠩᠬᠡᠨ ᠮᠦᠰᠢᠶᠡᠩᠬᠡᠨ ᠳᠣᠩᠭᠣᠳᠬᠤᠢ 
 ᠬᠥᠳᠡᠭᠡ ᠶ᠋ᠢᠨ ᠮᠠᠯᠴᠢᠨ ᠤ᠋ ᠬᠦᠦ ᠪᠢ ᠪᠡᠷ  
 ᠬᠥᠭᠡᠷᠦᠬᠦᠢ ᠡᠪ ᠰᠠᠢᠨ ᠵᠣᠯ ᠲᠠᠢ ᠶᠤᠮ ᠠ᠋ 
 ᠬᠦᠷᠬᠦ ᠭᠠᠵᠠᠷ ᠢ᠋ᠶ᠋ᠠᠨ ᠬᠦᠷᠳᠡᠭ ᠬᠦᠦ ᠶᠦᠮ ᠠ᠋  

           2024᠂ 07᠂ 29᠃ 17:03  ᠮᠢᠨᠦ᠋ᠲ᠃  
           ᠬᠥᠬᠡᠬᠣᠲᠠ ᠶ᠋ᠢᠨ ᠨᠡᠢᠲᠡ ᠶ᠋ᠢᠨ ᠮᠠᠰᠢᠨ
          100 ᠳ᠋ᠤᠭᠠᠷ ᠲᠤ᠌ ᠰᠠᠭᠤᠨ ᠭᠡᠷ ᠵᠦᠭ ᠢ᠋ᠶ᠋ᠡᠨ 
           ᠬᠠᠷᠢᠬᠤ ᠵᠠᠭᠤᠷ᠎ᠠ ᠳ᠋ᠤ᠌ ᠪᠦᠲᠦᠭᠡᠪᠡᠢ᠃