ᠵᠢᠷᠦᠬᠡᠨ ᠦ ᠮᠣᠩᠭᠣᠯ ᠬᠣᠷᠸ᠎ᠠЗүрхний монгол хорвооZürkhnii mongol khorvoo -ᠮᠠᠨᠳᠤᠬᠤ ᠪᠠᠭᠰᠢ ᠶᠢᠨ ᠤᠷᠠᠨ ᠪᠢᠴᠢᠯᠭᠡ
ᠵᠢᠷᠦᠬᠡᠨ ᠦ᠌ ᠮᠣᠩᠭᠣᠯ ᠬᠣᠷᠸ᠎ᠠ
ᠲᠣᠪᠴᠢᠯᠠᠵᠤ ᠪᠦᠰᠡᠯᠡᠳᠡᠭ ᠳᠡᠪᠡᠯ ᠮᠢᠨᠢ ᠮᠣᠩᠭᠣᠯ ᠮᠣᠩᠭᠣᠯ
ᠲᠣᠭᠣᠷᠢᠭᠤᠯᠵᠤ ᠪᠠᠷᠢᠳᠠᠭ ᠲᠣᠭᠣᠷ᠎ᠠ ᠨᠢ ᠮᠣᠩᠭᠣᠯ ᠮᠣᠩᠭᠣᠯ
ᠡᠷᠦᠬᠡ ᠪᠡᠨ ᠲᠠᠲᠠᠳᠠᠭ ᠪᠦᠰᠡᠭᠦᠢ ᠮᠢᠨᠢ ᠮᠣᠩᠭᠣᠯ
ᠥᠷᠯᠥᠭ ᠵᠠᠶᠠᠭᠠᠲᠤ ᠰᠢᠲᠦᠭᠡᠨ ᠮᠢᠨᠢ ᠮᠣᠩᠭᠣᠯ
ᠤᠨᠠᠭᠰᠠᠨ ᠰᠢᠷᠣᠢ ᠨᠤᠲᠤᠭ ᠮᠢᠨᠢ ᠮᠣᠩᠭᠣᠯ ᠮᠣᠩᠭᠣᠯ
ᠤᠶᠠᠩᠭᠠᠯᠠᠨ ᠳᠠᠭᠤᠯᠠᠬᠤ ᠳᠠᠭᠤᠤ ᠮᠢᠨᠢ ᠮᠣᠩᠭᠣᠯ
ᠤᠭᠰᠠᠭ᠎ᠠ ᠵᠠᠯᠭᠠᠬᠤ ᠤᠳᠤᠮ ᠮᠢᠨᠢ ᠮᠣᠩᠭᠣᠯ
ᠤᠬᠠᠭᠠᠷᠠᠵᠤ ᠠᠮᠢᠳᠤᠷᠠᠬᠤ ᠬᠣᠷᠸ᠎ᠠ ᠮᠣᠩᠭᠣᠯ
ᠡᠷᠡᠮᠡᠭ ᠬᠦᠯᠦᠭ ᠦ᠋ᠨ ᠡᠮᠡᠭᠡᠯ ᠨᠢ ᠮᠣᠩᠭᠣᠯ ᠮᠣᠩᠭᠣᠯ
ᠡᠷ᠎ᠡ ᠬᠥᠮᠦᠨ ᠦ᠌ ᠵᠢᠰᠦ ᠨᠢ ᠮᠣᠩᠭᠣᠯ ᠮᠣᠩᠭᠣᠯ
ᠡᠷᠭᠦᠵᠦ ᠶᠠᠪᠤᠭ᠎ᠠ ᠬᠡᠢᠮᠣᠷᠢ ᠨᠢ ᠮᠣᠩᠭᠣᠯ
ᠡᠷᠢᠯ ᠢ᠋ ᠲᠤᠭᠤᠯᠤᠭᠰᠠᠨ ᠬᠣᠷᠸ᠎ᠠ ᠨᠢ ᠮᠣᠩᠭᠣᠯ
ᠤᠨᠠᠭᠰᠠᠨ ᠰᠢᠷᠣᠢ ᠨᠤᠲᠤᠭ ᠮᠢᠨᠢ ᠮᠣᠩᠭᠣᠯ ᠮᠣᠩᠭᠣᠯ
ᠤᠶᠠᠩᠭᠠᠯᠠᠨ ᠳᠠᠭᠤᠯᠠᠬᠤ ᠳᠠᠭᠤᠤ ᠮᠢᠨᠢ ᠮᠣᠩᠭᠣᠯ
ᠤᠭᠰᠠᠭ᠎ᠠ ᠵᠠᠯᠭᠠᠬᠤ ᠤᠳᠤᠮ ᠮᠢᠨᠢ ᠮᠣᠩᠭᠣᠯ
ᠤᠬᠠᠭᠠᠷᠠᠵᠤ ᠠᠮᠢᠳᠤᠷᠠᠬᠤ ᠬᠣᠷᠸ᠎ᠠ ᠮᠣᠩᠭᠣᠯ
ᠦᠨᠡᠨᠴᠢᠯᠡᠨ ᠮᠦᠰᠢᠶᠡᠬᠦ ᠦᠷ᠎ᠡ ᠮᠢᠨᠢ ᠮᠣᠩᠭᠣᠯ ᠮᠣᠩᠭᠣᠯ
ᠥᠨᠳᠥᠷ ᠲᠡᠭᠷᠢ ᠶ᠋ᠢᠨ ᠥᠩᠭᠡ ᠨᠢ ᠮᠣᠩᠭᠣᠯ
ᠡᠬᠡ ᠶ᠋ᠢᠨ ᠰᠦᠨ ᠦ᠌ ᠠᠮᠲᠠ ᠨᠢ ᠮᠣᠩᠭᠣᠯ
ᠡᠷᠬᠢᠮᠯᠡᠨ ᠳᠡᠭᠡᠳᠦᠯᠡᠬᠦ ᠰᠦᠯᠳᠡ ᠮᠢᠨᠢ ᠮᠣᠩᠭᠣᠯ
ᠤᠨᠠᠭᠰᠠᠨ ᠰᠢᠷᠣᠢ ᠨᠤᠲᠤᠭ ᠮᠢᠨᠢ ᠮᠣᠩᠭᠣᠯ ᠮᠣᠩᠭᠣᠯ
ᠤᠶᠠᠩᠭᠠᠯᠠ ᠳᠠᠭᠤᠯᠠᠬᠤ ᠳᠠᠭᠤᠤ ᠮᠢᠨᠢ ᠮᠣᠩᠭᠣᠯ
ᠤᠭᠰᠠᠭ᠎ᠠ ᠵᠠᠯᠭᠠᠬᠤ ᠤᠳᠤᠮ ᠮᠢᠨᠢ ᠮᠣᠩᠭᠣᠯ
ᠤᠬᠠᠭᠠᠷᠠᠵᠤ ᠠᠮᠢᠳᠤᠷᠠᠬᠤ ᠬᠣᠷᠸ᠎ᠠ ᠮᠣᠩᠭᠣᠯ᠃
ᠮᠠᠨᠳᠤᠬᠤ ᠪᠠᠭᠰᠢ ᠤᠷᠠᠯᠠᠨ ᠪᠢᠴᠢᠵᠦ᠂
ᠰᠠᠷᠠᠨᠲᠤᠶᠠᠭ᠎ᠠ ᠦᠰᠦᠭ ᠢ᠋ ᠠᠮᠢᠯᠠᠭᠤᠯᠪᠠ᠃
ᠬᠢᠨᠠᠭᠴᠢ᠄ ᠲᠤᠶᠠᠭ᠎ᠠ᠂ ᠲᠦᠮᠡᠨᠴᠡᠴᠡᠭ
ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ
