ᠴᠢᠮᠡᠭᠲᠦ ᠨᠣᠭᠣᠭᠠᠨ ᠬᠢᠩᠭᠠᠨ-ᠪᠤᠤ ᠶᠢᠨ ᠲᠢᠩЧимэгт ногоон хянган-Буу ин дин
ᠴᠢᠮᠡᠭᠲᠦ ᠨᠣᠭᠣᠭᠠᠨ ᠬᠢᠩᠭᠠᠨ
ᠦᠭᠡ᠄ ᠪᠣᠷᠵᠢᠭᠢᠨ ᠳᠡᠭᠵᠢᠷᠡᠬᠦ
ᠠᠶ᠎ᠠ᠄ ᠰᠠᠷᠭᠠᠢ
— ᠪᠤᠤ ᠶᠢᠨ ᠲᠢᠩ ᠳᠠᠭᠤᠯᠠᠨ᠎ᠠ
ᠴᠡᠯᠮᠡᠭ ᠬᠥᠬᠡ ᠲᠩᠷᠢ ᠨᠢ ᠡᠭᠦᠯᠡᠰ ᠢ᠋ᠶ᠋ᠡᠨ ᠰᠢᠯᠭᠡᠭᠡᠭᠰᠡᠨ
ᠴᠡᠴᠡᠭᠬᠡᠨ ᠪᠣᠭᠳᠠ ᠠᠭᠤᠯᠠ ᠨᠢ ᠲᠠᠯ᠎ᠠ ᠪᠠᠨ ᠮᠠᠨᠠᠭᠰᠠᠨ
ᠴᠡᠪᠡᠷᠬᠡᠨ ᠭᠣᠣᠯ ᠭᠣᠷᠣᠬ᠎ᠠ ᠨᠢ ᠨᠤᠲᠤᠭ ᠢ᠋ᠶ᠋ᠠᠨ ᠤᠮᠳᠠᠯᠠᠭᠠᠳ
ᠴᠡᠯᠡᠭᠡᠷᠬᠡᠨ ᠣᠢ ᠬᠥᠪᠴᠢ ᠨᠢ ᠪᠠᠢᠭᠠᠯᠢ ᠪᠠᠨ ᠴᠢᠮᠡᠨ᠎ᠡ
ᠳᠥᠷᠪᠡᠨ ᠤᠲᠠᠰᠤᠲᠤ ᠬᠤᠭᠤᠷ ᠨᠢ ᠲᠡᠦᠬᠡ ᠪᠡᠨ ᠬᠥᠭᠯᠡᠭᠰᠡᠨ
ᠲᠦᠷᠡᠯᠭᠡ ᠪᠠᠶᠠᠨ ᠳᠠᠭᠤᠤ ᠨᠢ ᠠᠷᠠᠳ ᠢ᠋ᠶ᠋ᠠᠨ ᠪᠦᠪᠡᠢᠯᠡᠭᠰᠡᠨ
ᠳᠥᠷᠥᠭᠡ ᠶ᠋ᠢ ᠮᠢᠯᠢᠶᠠᠭᠰᠠᠨ ᠰᠦ ᠨᠢ ᠢᠲᠡᠭᠡᠯ ᠢ᠋ ᠡᠷᠴᠢᠯᠡᠭᠡᠳ
ᠳᠡᠭᠦᠯᠢᠨ ᠳᠠᠪᠬᠢᠬᠤ ᠬᠦᠯᠦᠭ ᠨᠢ ᠪᠣᠭᠳᠠ ᠪᠠᠨ ᠦᠭᠡᠢᠯᠡᠨ᠎ᠡ
ᠴᠢᠮᠡᠭᠲᠦ ᠨᠣᠭᠣᠭᠠᠨ ᠬᠢᠩᠭᠠᠨ ᠮᠢᠨᠢ
ᠠᠷᠠᠳ ᠤ᠋ᠨ ᠳᠠᠭᠤᠤ ᠰᠢᠭ᠋ ᠤᠶᠠᠩᠭᠠᠯᠢᠭ ᠳᠠ
ᠴᠢᠩᠭᠢᠰ ᠦ᠋ᠨ ᠰᠦᠮ᠎ᠡ ᠶ᠋ᠢᠨ ᠳᠠᠭᠠᠳᠬᠠᠯ ᠮᠢᠨᠢ
ᠷᠠᠰᠢᠶᠠᠨ ᠪᠤᠯᠠᠭ ᠰᠢᠭ᠋ ᠠᠷᠢᠭᠤᠬᠠᠨ ᠳᠠ
ᠤᠯᠠᠭᠠᠨᠮᠣᠳᠤ ᠶ᠋ᠢᠨ ᠦᠵᠡᠮᠵᠢ ᠨᠢ ᠵᠠᠰᠠᠭᠲᠤ ᠪᠠᠨ ᠭᠡᠢᠭᠦᠯᠦᠭᠰᠡᠨ
ᠤᠯᠠᠢᠵᠤ ᠰᠢᠷᠭᠠᠯᠲᠤᠭᠰᠠᠨ ᠪᠠᠲᠤᠴᠠᠭᠠᠨ ᠨᠢ ᠲᠦᠰᠢᠶᠡᠲᠦ ᠪᠡᠨ ᠴᠢᠮᠡᠭᠰᠡᠨ
ᠣᠨᠳᠣᠷᠴᠤ ᠣᠷᠭᠢᠯᠤᠭᠰᠠᠨ ᠪᠤᠯᠠᠭ ᠨᠢ ᠷᠠᠰᠢᠶᠠᠨ ᠢ᠋ᠶ᠋ᠠᠨ ᠠᠯᠳᠠᠷᠰᠢᠭᠤᠯᠤᠭᠠᠳ
ᠤᠷᠤᠰᠬᠠᠯ ᠮᠥᠩᠭᠥᠨ ᠴᠣᠣᠯ ᠭᠣᠣᠯ ᠨᠢ ᠵᠠᠯᠠᠢᠳ ᠢ᠋ᠶ᠋ᠠᠨ ᠲᠡᠳᠬᠦᠨ᠎ᠡ
ᠴᠢᠮᠡᠭᠲᠦ ᠨᠣᠭᠣᠭᠠᠨ ᠬᠢᠩᠭᠠᠨ ᠮᠢᠨᠢ
ᠠᠷᠠᠳ ᠤ᠋ᠨ ᠳᠠᠭᠤᠤ ᠰᠢᠭ᠋ ᠤᠶᠠᠩᠭᠠᠯᠢᠭ ᠳᠠ
ᠴᠢᠩᠭᠢᠰ ᠦ᠋ᠨ ᠰᠦᠮ᠎ᠡ ᠶ᠋ᠢᠨ ᠳᠠᠭᠠᠳᠬᠠᠯ ᠮᠢᠨᠢ
ᠷᠠᠰᠢᠶᠠᠨ ᠪᠤᠯᠠᠭ ᠰᠢᠭ᠋ ᠠᠷᠢᠭᠤᠬᠠᠨ ᠳᠠ
ᠴᠢᠮᠡᠭᠲᠦ ᠨᠣᠭᠣᠭᠠᠨ ᠬᠢᠩᠭᠠᠨ ᠮᠢᠨᠢ
ᠠᠷᠠᠳ ᠤ᠋ᠨ ᠳᠠᠭᠤᠤ ᠰᠢᠭ᠋ ᠤᠶᠠᠩᠭᠠᠯᠢᠭ ᠳᠠ
ᠴᠢᠩᠭᠢᠰ ᠦ᠋ᠨ ᠰᠦᠮ᠎ᠡ ᠶ᠋ᠢᠨ ᠳᠠᠭᠠᠳᠬᠠᠯ ᠮᠢᠨᠢ
ᠷᠠᠰᠢᠶᠠᠨ ᠪᠤᠯᠠᠭ ᠰᠢᠭ᠋ ᠠᠷᠢᠭᠤᠬᠠᠨ ᠳᠠ
ᠦᠰᠦᠭ ᠠᠮᠢᠯᠠᠭᠤᠯᠤᠭᠰᠠᠨ ᠨᠢ᠄ ᠰᠣᠳᠣ
ᠦᠰᠦᠭ ᠬᠠᠲᠠᠭᠰᠠᠨ ᠨᠢ᠄ ᠰᠣᠳᠣ
ᠬᠢᠨᠠᠭᠴᠢ᠄ ᠢᠷᠡᠭᠡᠳᠦᠢ
