ᠮᠢᠨᠦ ᠮᠠᠭᠤ ᠥᠬᠢᠨ ᠮᠢᠩᠭᠠᠨᠠ ᠮᠠᠨᠽᠠᠶ᠋ᠢᠰᠲ᠋ᠸᠷ ᠲᠤ – ᠶᠣᠨᠳᠣᠨ ᠤ ᠪᠢᠯᠢᠭ᠌ - ᠪᠠᠭᠠᠲᠤᠷ Миний муу охин мянгана манзайстрт – Ёндоны Билиг - Баатар
ᠮᠢᠨᠦ ᠮᠠᠭᠤ ᠥᠬᠢᠨ ᠮᠢᠩᠭᠠᠨᠠ ᠮᠠᠨᠽᠠᠶ᠋ᠢᠰᠲ᠋ᠸᠷ ᠲᠤ
ᠮᠢᠩᠭ᠎ᠠ ᠪᠤᠮᠠᠨ ᠣᠨ ᠤ ᠲᠡᠦᠬᠡᠨ ᠳᠡᠭᠡᠷ᠎ᠡ
ᠠᠵᠤ ᠦᠢᠯᠡᠳᠪᠦᠷᠢ ᠶᠢᠨ ᠬᠤᠪᠢᠰᠬᠠᠯ ᠤᠨ ᠬᠢᠨᠢ
ᠠᠩᠬᠠᠨ ᠤᠤᠭᠠᠨ ᠠᠯᠲᠠᠨ ᠥᠯᠥᠭᠡᠢ!!
ᠠᠩᠭᠢᠯᠢ ᠭᠦᠷᠦᠨ ᠤ ᠠᠯᠳᠠᠷᠲᠤ ᠬᠣᠲᠠ –
ᠮᠠᠰᠢᠳᠠ ᠦᠵᠡᠰᠬᠦᠯᠡᠩᠲᠦ ᠮᠠᠨᠽᠠᠶ᠋ᠢᠰᠲ᠋ᠸᠷ ᠲᠤ
ᠮᠢᠨᠦ ᠮᠠᠭᠤ ᠥᠬᠢᠨ ᠤᠬᠠᠭᠠᠨᠲᠤ ᠮᠢᠩᠭᠠᠨᠠ
ᠮᠣᠩᠭᠣᠯ ᠮᠠᠩᠯᠠᠢᠯᠠᠭᠴᠢ ᠵᠠ ᠬᠡᠢᠮᠣᠷᠢ ᠲᠠᠢ
ᠮᠠᠯᠴᠢᠨ ᠤ ᠬᠣᠢᠴᠢᠰ ᠤᠨ ᠠᠪᠬᠠᠯᠵᠢ ᠲᠠᠢ
ᠮᠤᠩᠳᠠᠰᠢ ᠦᠭᠡᠢ ᠵᠣᠷᠢᠮᠠᠭ ᠮᠥᠷᠥᠭᠡᠳᠦᠯ ᠢᠶᠠᠷ
ᠠᠷᠭᠤᠮᠠᠭ ᠬᠥᠯᠥᠭ ᠦᠨ ᠵᠢᠯᠣᠭᠣ ᠰᠤᠩᠭᠤᠩᠬᠠᠨ
ᠠᠵᠢᠯᠯᠠᠵᠤ ᠠᠮᠢᠳᠤᠷᠠᠩᠬᠠᠨ ᠠᠪᠢᠶᠠᠰ ᠢᠶᠠᠨ
ᠠᠷᠠᠢ ᠳᠠᠷᠤᠤᠬᠠᠨ ᠯᠠ ᠭᠠᠢᠬᠠᠭᠤᠯᠵᠤ ᠡᠬᠢᠯᠡᠯ᠎ᠡ
᠁ ᠠᠵᠠᠢ (ᠠᠪᠤ ᠴᠠᠬᠠᠷ ᠲᠤ) ᠨᠢ ᠪᠢ
᠁ ᠠᠰᠬᠠᠷᠠᠬᠤ ᠨᠢᠯᠪᠤᠰᠤ ᠪᠠᠨ ᠴᠢᠯᠦᠭᠡᠯᠡᠨ
᠁ ᠠᠭᠤᠤ ᠥᠨᠳᠥᠷ ᠡᠪᠦᠭᠡ ᠪᠣᠭᠳᠠ!
᠁ ᠡᠵᠡᠨ ᠴᠢᠩᠬᠢᠰ ᠬᠠᠭᠠᠨ ᠳᠠᠭᠠᠨ ᠯᠠ!
᠁ ᠠᠯᠢᠪ᠂ ᠡᠪᠦᠭᠡ ᠡᠴᠢᠭᠡ ᠳᠦ ᠴᠢᠨᠢ
᠁ ᠠᠷᠢᠶᠠᠪᠠᠯᠤ ᠰᠢᠭ᠋ ᠡᠮᠡᠭᠡ ᠳ᠋ᠦ᠍ ᠴᠢᠨᠢ ᠯᠡ
᠁ ᠠᠬᠢᠨ ᠳᠠᠬᠢᠨ ᠮᠥᠷᠭᠥᠨ ᠳᠠᠭᠠᠳᠬᠠᠪᠠᠢ᠃
ᠠᠯᠤᠰ ᠳᠠᠯᠠᠢ ᠶᠢᠨ ᠲᠡᠷᠲᠡᠭᠡᠬᠢ ᠠᠩᠭᠢᠯᠢ ᠶᠢᠨ
ᠠᠵᠤ ᠦᠢᠯᠡᠳᠪᠦᠷᠢ ᠶᠢᠨ ᠬᠤᠪᠢᠰᠬᠠᠯ ᠤᠨ ᠬᠢᠨᠢ
ᠤᠤᠭᠠᠨ ᠠᠩᠬᠠᠨ ᠥᠯᠥᠭᠡᠢ –
ᠠᠭᠤᠤ ᠯᠤᠲᠤ ᠭᠠᠯ ᠭᠣᠯᠣᠮᠲᠠ –
ᠮᠠᠨᠳᠠᠷᠠᠸ᠎ᠠ ᠴᠡᠴᠡᠭ ᠰᠢᠭ ᠮᠠᠨᠽᠠᠶ᠋ᠢᠰᠲ᠋ᠸᠷ !
ᠮᠠᠭᠤ ᠠᠪᠤ ᠶ᠋ᠢᠨ ᠬᠢᠨᠢ ᠲᠥᠷᠥᠭᠰᠡᠨ ᠨᠤᠲᠤᠭ
ᠮᠠᠨ ᠤ ᠠᠳᠠᠷᠭᠠᠨ ᠠᠢᠯ ᠠᠴᠠ ᠰᠠᠢᠬᠠᠨ ᠤᠤ
ᠠᠲᠠᠷᠭᠠᠨ ᠠᠢᠯ ᠤᠨ ᠬᠡᠦᠬᠡᠳ ᠦᠨ ᠬᠡᠦᠬᠡᠨ
ᠮᠢᠨᠦ ᠮᠠᠭᠤ ᠥᠬᠢᠨ ᠮᠢᠩᠭᠠᠨᠠ ᠰᠠᠢᠨ ᠤᠤ
ᠳᠡᠩᠳᠡᠭᠦᠦ ᠲᠡᠭᠦᠯᠳᠡᠷ ᠲᠡᠭᠦᠰᠬᠦᠢ!!!
ᠲᠡᠢᠮᠦ ᠭᠠᠢᠬᠠᠮᠰᠢᠭᠲᠠᠢ ᠶᠣᠰᠣᠯᠠᠯ ᠳᠤ ᠴᠢᠨᠢ
ᠠᠪᠤ ᠨᠢ ᠣᠴᠢᠬᠤ ᠪᠣᠯᠣᠮᠵᠢ ᠦᠭᠡᠢ ᠡᠴᠡ
ᠠᠷᠠᠢ ᠯᠠ ᠵᠢᠭᠠᠬᠠᠨ ᠭᠣᠩᠰᠣᠭᠷᠠᠬᠠᠨ ᠪᠠᠢᠨᠠᠮ
ᠭᠡᠶ᠎ᠡ ᠶᠠᠭᠠᠬᠢᠬᠤᠪ ᠡ᠂ ᠬᠦᠦ ᠮᠢᠨᠢ ᠡ
ᠭᠡᠷᠬᠡᠢ ᠮᠢᠨᠢ ᠪᠠᠢᠭᠰᠠᠨ ᠡᠵᠢ ᠴᠢᠨᠢ!!!
ᠭᠡᠭᠡᠯᠢᠭ ᠬᠥᠭᠡᠷᠦᠬᠦᠨ ᠥᠬᠢᠨ ᠳᠡᠬᠦᠦ ᠴᠢᠨᠢ
ᠭᠡᠢᠭᠦᠯᠦᠩᠬᠡᠨ ᠬᠦᠷᠦᠭᠰᠡᠨ ᠶᠦᠮ ᠴᠢᠨᠢ ᠡ
ᠭᠡᠨᠡᠲᠡᠢ ᠪᠠᠶᠠᠷᠯᠠᠭᠰᠠᠨ ᠪᠠᠢᠯᠭᠦᠢ ᠬᠥᠭᠡᠷᠦᠬᠦᠢ!
ᠭᠡᠷᠡᠯᠲᠦ ᠨᠠᠷᠠᠨ᠂ ᠰᠦᠨ ᠡᠭᠦᠯᠡᠨ ᠡᠴᠡ
ᠠᠷᠭᠠᠯ ᠦᠨ ᠦᠨᠦᠷᠳᠡᠶ ᠢᠯᠴᠢ ᠪᠡᠷ ᠢ᠋ᠶ᠋ᠡᠨ
ᠵᠤᠯᠠᠢ ᠶᠢ ᠴᠢᠨᠢ ᠥᠨᠥᠷᠯᠡᠩᠬᠡᠨ ᠪᠠᠢᠭᠰᠠᠨ ᠢ
ᠠᠩᠵᠠᠭᠠᠷᠠᠭᠰᠠᠨ ᠪᠠᠢᠯᠭᠦᠢ ᠳ᠋ᠨ! ᠶᠠᠭ ᠯᠠ!
ᠲᠡᠷᠡ ᠯᠠ ᠦᠨᠦᠷ! ᠠᠪᠤ ᠶᠢᠨ ᠴᠢᠨᠢ ᠯᠠ
ᠲᠠᠨᠢᠯ ᠳᠠᠰᠤᠯ ᠦᠨᠦᠷ ᠪᠠᠢᠭ᠎ᠠ ᠰᠢᠳᠡ !!
ᠲᠤᠬᠠᠢ ᠶ᠋ᠢᠨ ᠡᠳᠦᠷ ( 2024.07.18᠃)
ᠴᠠᠯ ᠪᠤᠭᠤᠷᠤᠯ ᠴᠢᠯ ᠵᠠᠯᠠᠭᠤ ᠠᠪᠤ ᠴᠢᠨᠢ ᠪᠢ –
ᠠᠯᠲᠠᠨ ᠬᠠᠭᠠᠨ ᠤ ᠤᠤᠭᠠᠨ ᠨᠡᠢᠰᠯᠡᠯ –
ᠳᠡᠩᠳᠡᠭᠦᠦ ᠰᠠᠢᠬᠠᠨ ᠬᠥᠬᠡᠬᠣᠲᠠ ᠠ᠋ᠴᠠ ᠯᠠ
ᠠᠬ᠎ᠠ ᠲᠠᠢ ᠴᠢᠨᠢ ᠠᠴᠢ ᠬᠦᠦ ᠲᠠᠢ ᠴᠢᠨᠢ
ᠭᠤᠷᠪᠠᠨ ᠮᠥᠩᠭᠥᠨ ᠪᠦᠰᠡᠯᠡᠬᠦᠷ ᠲᠠᠢ
ᠰᠠᠴᠤᠯᠢ ᠶᠢᠨ ᠰᠠᠭᠤᠯᠭᠠᠨ ᠠᠴᠠ
ᠶᠢᠰᠦᠨ ᠮᠡᠯᠮᠡᠢ ᠲᠠᠢ
ᠰᠠᠴᠤᠯᠢ ᠶᠢᠨ ᠰᠢᠨᠠᠭ᠎ᠠ ᠪᠠᠷ
ᠠᠩᠭᠢᠯᠢ ᠶᠢᠨ ᠰᠠᠢᠹᠠᠢᠷᠲ ᠬᠣᠲᠠ ᠶᠢᠨ
ᠶᠠᠭᠠᠨ ᠲᠠᠪᠠᠭ ᠤᠨ ᠴᠢᠨᠡᠭᠡᠨ ᠨᠠᠷᠠᠨ ᠳᠤ
ᠶᠡᠷᠡ ᠶᠢᠰᠦᠨ ᠰᠠᠴᠤᠯᠢ ᠡᠭᠡᠯᠵᠢᠯᠡᠨ ᠡᠷᠭᠦᠪᠡᠢ᠃
ᠨᠢᠭᠤᠯ ᠦᠭᠡᠢ ᠰᠢᠭᠤᠳ ᠬᠡᠯᠡᠬᠦᠢ ᠳ᠋ᠦ᠍
ᠬᠠᠷᠢᠨ ᠥᠷᠥᠨᠡᠳᠠᠬᠢᠨ ᠤ᠋ ᠥᠨᠥ ᠯᠡ ᠨᠠᠷᠠ !
ᠳᠣᠷᠣᠨᠠᠳᠠᠬᠢᠨ ᠤ᠋ ᠰᠠᠴᠤᠯᠢ ᠶᠢᠨ ᠦᠭᠡ ᠶᠢ
ᠭᠠᠢᠭᠤᠢ ᠰᠠᠢᠨ ᠮᠡᠳᠡᠳᠡᠭ ᠪᠠᠢᠬᠤ ᠨᠢ ᠡ
ᠳᠡᠯᠡᠬᠡᠢ ᠶᠢᠨ ᠦᠨᠦᠷ ᠲᠠᠨᠤᠷ ᠭᠡᠳᠡᠭ ᠴᠢᠨᠢ
ᠦᠨᠡᠨᠳᠡᠭᠡᠨ ᠯᠡ ᠲᠡᠷᠡ ᠠᠢ ᠪᠠᠷ ᠢᠶᠠᠨ
ᠠᠪᠤ ᠶᠢᠨ ᠴᠢᠨᠢ ᠦᠨᠦᠷ ᠲᠠᠢ ᠠᠳᠠᠯᠢᠠᠬᠨ
ᠢᠰᠡᠭᠡᠢ ᠲᠤᠭᠤᠷᠭᠠᠲᠠᠳ ᠤᠨ ᠯᠠ
ᠮᠣᠩᠭᠣᠯ ᠦᠨᠦᠷ ᠯᠡ ᠰᠢᠦ ᠳ᠋ᠠ! ᠁
ᠣᠷᠴᠢᠯᠠᠩ ᠳᠤ ᠥᠭᠡᠷ᠎ᠡ ᠥᠭᠡᠷ᠎ᠡ ᠁
ᠣᠨᠳᠣᠣ ᠣᠨᠳᠣᠣ ᠁ ᠁
ᠦᠨᠦᠷ ᠦᠭᠡᠢ ᠶᠢ ᠯᠠ !!!!!!
ᠰᠠᠢᠨ ᠮᠡᠳᠡᠵᠦ ᠠᠪᠤᠭᠠᠷᠠᠢ! ᠴᠡᠭᠡᠵᠢᠯᠡᠭᠡᠷᠡᠢ!
ᠮᠢᠨᠦ ᠮᠠᠭᠤ ᠮᠢᠩᠭᠠᠨᠠ ᠥᠬᠢᠨ ᠮᠢᠨᠢ ᠡ
᠁ ᠁
ᠠᠩᠬᠢᠯᠤᠮ᠎ᠠ ᠲᠤᠶᠠᠭᠠᠷᠠᠮᠠ ᠲᠤᠨᠤᠷᠠᠭᠠ
ᠠᠩᠭᠢᠯᠢ ᠶᠢᠨ ᠡᠯ᠎ᠡ ᠬᠣᠲᠠ ᠠᠢᠯ ᠢᠶᠠᠷ
ᠠᠪᠤ ᠶᠢᠨ ᠢᠶᠡᠨ ᠠᠯᠢ ᠡᠷᠲᠡᠨ ᠤ ᠠᠨᠳᠠ –
ᠠᠢᠬᠤᠪᠲᠤᠷ ᠭᠠᠢᠬᠠᠮᠰᠢᠭᠲᠤ ᠱᠡᠺᠢᠰᠫᠠᠢᠷ ᠢ
ᠠᠰᠠᠭᠤᠵᠤ ᠰᠤᠷᠠᠭᠯᠠᠵᠤ ᠣᠢᠯᠠᠭᠠᠵᠤ ᠠᠶᠠᠯᠠᠭᠠᠷᠠᠢ
᠁
2024᠂07᠂28᠃14᠄39 ᠮᠢᠨᠦ᠋ᠲ᠃
ᠰᠢᠯᠦᠭ ᠪᠦᠲᠦᠭᠡᠳᠡᠭ ᠰᠢᠷᠭᠠᠯ ᠬᠠᠳᠠᠨ
ᠪᠢᠴᠢᠭ ᠦᠨ ᠰᠢᠷᠡᠭᠡᠨ ᠳᠡᠭᠡᠷ᠎ᠡ ᠪᠠᠨ ᠯᠠ
ᠬᠥᠬᠡᠬᠣᠲᠠᠨ᠎ᠠ ᠬᠥᠭᠡᠷᠦᠬᠦᠢ ᠭᠦᠨᠵᠡᠭᠡᠢ ᠯᠡ
ᠪᠢᠰᠢᠯᠭᠠᠨ ᠮᠠᠰᠢᠳᠠ ᠲᠤᠢᠯ ᠤ᠋ᠨ ᠬᠢᠴᠢᠶᠡᠩᠭᠦᠢ
ᠪᠠᠶᠠᠰᠬᠤᠯᠠᠩ ᠲᠤᠩᠭᠠᠨ ᠪᠦᠲᠦᠭᠡᠪᠡᠢ᠃
ᠲᠡᠷᠭᠡᠲᠡ ᠠᠨᠤ ᠬᠠᠨᠢ ᠨᠡᠷ᠎ᠡ ᠲᠡᠢ ᠮᠢᠨᠦ
ᠮᠠᠭᠤ ᠭᠥᠯᠥᠭᠡ ᠣᠮᠪᠣᠯ ᠮᠣᠳᠣ ᠰᠡᠭᠦᠳᠡᠷ ᠲᠤ
ᠰᠤᠨᠢᠶᠠᠩᠬᠠᠨ ᠪᠠᠢᠭᠰᠠᠨ ᠪᠥᠯᠥᠭᠡ ᠡ᠃
