ᠲᠣᠩᠭᠣᠷᠤᠤ ᠰᠡᠳᠬᠢᠬᠦᠢ ᠶᠢᠨ ᠰᠢᠳᠢ – ᠶᠣᠨᠳᠣᠨ ᠤ ᠪᠢᠯᠢᠭ᠌ - ᠪᠠᠭᠠᠲᠤᠷ Тонгоруу сэтгэхүйн шид – Ёндоны Билиг - Баатар
ᠲᠣᠩᠭᠣᠷᠤᠤ ᠰᠡᠳᠬᠢᠬᠦᠢ ᠶᠢᠨ ᠰᠢᠳᠢ
ᠬᠡᠰᠢᠭ ᠢᠪᠡᠭᠡᠯ ᠶᠦᠮ ᠰᠢᠦ! ᠶᠡᠷᠦᠨᠢ ᠯᠡ
ᠭᠡᠷ ᠪᠦᠯᠢ ᠳ᠋ᠦ᠍ ᠮᠢᠨᠢ ᠢᠷᠡᠭᠰᠡᠨ ᠦ᠌ ᠤᠴᠢᠷ
ᠭᠡᠨᠡᠲᠡᠢ ᠡᠪᠲᠡᠢ ᠪᠦᠪᠡᠢᠯᠡᠬᠦ ᠨᠢ ᠤᠷᠠᠯᠢᠭ ᠰᠢᠦ
ᠬᠡᠦᠬᠡᠳ ᠢ᠋ ᠠᠪᠤ ᠡᠵᠢ ᠪᠣᠢᠵᠢᠭᠤᠯᠬᠤ ᠪᠢᠰᠢ!
ᠬᠡᠦᠬᠡᠳ᠂ ᠠᠪᠤ ᠡᠵᠢ ᠪᠡᠨ ᠬᠥᠮᠦᠵᠢᠭᠦᠯᠬᠦ ᠪᠡᠷ
ᠰᠠᠨᠰᠠᠷᠯᠢᠭ ᠰᠦᠨᠡᠰᠦᠨ ᠦ᠌ ᠶᠢᠷᠲᠢᠨᠴᠦᠰ ᠡᠴᠡ
ᠰᠠᠶ᠎ᠠ ᠵᠢᠸ᠎ᠠ ᠬᠥᠮᠦᠰ ᠳᠣᠲᠣᠷ᠎ᠠ ᠠ᠋ᠴᠠ
ᠬᠠᠮᠤᠭ ᠰᠠᠢᠨ ᠰᠠᠢᠬᠠᠨ ᠨᠢ ᠯᠡ ᠭᠡᠵᠦ!
ᠡᠴᠢᠭᠡ ᠡᠬᠡ ᠪᠡᠨ ᠰᠣᠩᠭᠣᠨ ᠢᠷᠡᠳᠡᠭ᠃
ᠱᠠᠭᠵᠠᠮᠤᠨᠢ ᠪᠤᠷᠬᠠᠨ ᠤ᠋ ᠠᠢᠯᠠᠳᠬᠠᠭᠰᠠᠨ ᠠᠨᠤ᠄
ᠬᠡᠦᠬᠡᠳ ᠢ᠋ ᠳᠥᠷᠪᠡ ᠬᠦᠷᠲᠡᠯ᠎ᠡ ᠨᠢ
ᠪᠤᠷᠬᠠᠨ ᠰᠢᠭ᠋ ᠰᠢᠲᠦᠵᠦ ᠬᠦᠨᠳᠦᠯᠡᠵᠦ ᠶᠠᠪᠤ!!
ᠲᠠᠪᠤ ᠠ᠋ᠴᠠ ᠠᠷᠪᠠᠨ ᠨᠢᠭᠡ ᠬᠦᠷᠲᠡᠯ᠎ᠡ ᠨᠢ
ᠭᠥᠯᠥᠭᠡ ᠰᠢᠭ ᠯᠡ ᠬᠥᠲᠥᠯᠵᠦ ᠶᠠᠪᠤ ᠠ᠋!
᠁ ᠁ ᠬᠡᠮᠡᠵᠦᠬᠦᠢ ᠁ ᠁ !
ᠬᠡᠦᠬᠡᠳ ᠦ᠋ᠳ ᠪᠣᠯ ᠪᠤᠷᠬᠠᠨ ᠤ᠋ ᠭᠡᠷᠡᠯ ᠶᠦᠮ!
ᠬᠡᠵᠢᠶ᠎ᠡ ᠴᠤ᠌ ᠪᠢᠯᠢᠤ᠂ ᠪᠢ ᠪᠢᠴᠢᠭᠰᠡᠨ ᠶᠦᠮ᠃
ᠬᠡᠨ ᠴᠤ᠌ ᠠᠩᠵᠠᠷᠠᠭᠠ ᠦᠭᠡᠢ ᠪᠠᠢᠭᠰᠠᠨ!
ᠬᠡᠷᠡᠭ ᠪᠣᠯᠭᠠᠵᠤ ᠡᠳᠦᠭᠡ ᠳᠠᠬᠢᠨ ᠰᠠᠨᠠᠭᠤᠯᠪᠠᠢ
ᠠᠢᠯ ᠤ᠋ᠨ ᠰᠠᠢᠨ ᠨᠢ ᠨᠡᠭᠦᠭᠰᠡᠨ ᠦ᠌ ᠳᠠᠷᠠᠭ᠎ᠠ
ᠬᠥᠮᠦᠨ ᠦ᠌ ᠰᠠᠢᠨ ᠨᠢ ᠁ ᠳᠠᠷᠠᠭ᠎ᠠ᠃
2024᠂ 07᠂ 27᠃ 20᠄ 39 ᠮᠢᠨᠦ᠋ᠲ
ᠰᠢᠯᠦᠭ ᠪᠦᠲᠦᠭᠡᠳᠡᠭ ᠰᠢᠷᠭᠠᠯ ᠬᠠᠳᠠᠨ
ᠪᠢᠴᠢᠭ ᠦ᠋ᠨ ᠰᠢᠷᠡᠭᠡᠨ ᠳᠡᠭᠡᠷ᠎ᠡ ᠪᠠᠨ ᠯᠠ
ᠬᠥᠬᠡᠬᠣᠲᠠᠨ᠎ᠠ ᠬᠥᠭᠡᠷᠦᠬᠦᠢ ᠭᠦᠨᠵᠡᠭᠡᠢ ᠯᠡ
ᠪᠢᠰᠢᠯᠭᠠᠨ ᠮᠠᠰᠢᠳᠠ ᠲᠤᠢᠯ ᠤ᠋ᠨ ᠬᠢᠴᠢᠶᠡᠩᠭᠦᠢ
ᠨᠢᠭᠦᠯᠡᠰᠦᠩᠭᠦᠢ ᠲᠤᠩᠭᠠᠨ ᠪᠦᠲᠦᠭᠡᠪᠡᠢ᠃
ᠳᠡᠷᠭᠡᠳᠡ ᠠᠨᠤ ᠬᠠᠨᠢ ᠨᠡᠷ᠎ᠡ ᠲᠡᠢ ᠮᠢᠨᠦ
ᠭᠥᠯᠥᠭᠡ ᠣᠮᠪᠣᠯ ᠨᠠᠮ᠎ᠠ ᠶ᠋ᠢ ᠰᠠᠬᠢᠪᠠᠢ᠃
