ᠶᠢᠷᠲᠢᠨᠴᠦ ᠶᠢᠨ ᠠᠯᠢᠪᠠ ᠤᠴᠢᠷ ᠶᠡᠷᠦᠨᠢ ᠯᠠ ᠶᠠᠭ ᠡᠰᠡᠷᠭᠦ ᠪᠡᠷ ᠪᠠᠢᠳᠠᠭ– ᠶᠣᠨᠳᠣᠨ ᠤ ᠪᠢᠯᠢᠭ᠌ - ᠪᠠᠭᠠᠲᠤᠷ Ертөнцийн аливаа очир ярони л яг эсрэгээр байдаг – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠠᠯᠢᠪᠠ ᠤᠴᠢᠷ ᠶᠡᠷᠦᠨᠢ ᠯᠠ ᠶᠠᠭ ᠡᠰᠡᠷᠭᠦ ᠪᠡᠷ ᠪᠠᠢᠳᠠᠭ– ᠶᠣᠨᠳᠣᠨ ᠤ ᠪᠢᠯᠢᠭ᠌ - ᠪᠠᠭᠠᠲᠤᠷ Ертөнцийн аливаа очир ярони л яг эсрэгээр байдаг – Ёндоны Билиг - Баатар

ᠶᠢᠷᠲᠢᠨᠴᠦ ᠶᠢᠨ ᠠᠯᠢᠪᠠ ᠤᠴᠢᠷ ᠶᠡᠷᠦᠨᠢ ᠯᠠ ᠶᠠᠭ ᠡᠰᠡᠷᠭᠦ ᠪᠡᠷ ᠪᠠᠢᠳᠠᠭ– ᠶᠣᠨᠳᠣᠨ ᠤ ᠪᠢᠯᠢᠭ᠌ - ᠪᠠᠭᠠᠲᠤᠷ Ертөнцийн аливаа очир ярони л яг эсрэгээр байдаг – Ёндоны Билиг - Баатар

2024-08-01

327

ᠶᠢᠷᠲᠢᠨᠴᠦ ᠶᠢᠨ ᠠᠯᠢᠪᠠ ᠤᠴᠢᠷ ᠶᠡᠷᠦᠨᠢ ᠯᠠ ᠶᠠᠭ ᠯᠠ ᠡᠰᠡᠷᠭᠦ ᠪᠡᠷ ᠪᠠᠢᠳᠠᠭ


  ᠁ ᠁ ᠁ 
 ᠴᠢᠮ᠎ᠠ ᠶ᠋ᠢ ᠰᠦᠨᠡᠰᠦ ᠶ᠋ᠢ ᠴᠢᠨᠢ ᠵᠠᠢᠯᠠᠲᠠᠯ᠎ᠠ 
 ᠠᠷᠦ ᠪᠠᠷ ᠴᠢᠨᠢ ᠨᠠᠮ ᠲᠠᠯᠪᠢᠵᠤ ᠮᠡᠬᠡᠯᠡᠭᠰᠡᠨ 
 ᠠᠶᠤᠮᠰᠢᠭᠲᠠᠢ ᠲᠡᠷᠡ ᠬᠥᠮᠦᠨ ᠳᠦ ᠲᠠᠯᠠᠷᠬ᠎ᠠ 
 ᠲᠠ ᠳᠠᠬᠢᠵᠤ ᠥᠨᠢ ᠬᠠᠭᠤᠷᠲᠠᠭᠳᠠᠬᠤ ᠦᠭᠡᠢ 
 ᠲᠡᠷᠡ ᠮᠡᠬᠡᠯᠡᠭᠴᠢ ᠴᠢᠨᠦ ᠯᠡ ᠳᠣᠲᠣᠨᠣ ᠬᠠᠨᠢ᠃ 
 ᠴᠢᠮ᠎ᠠ ᠶ᠋ᠢ ᠲᠤᠢᠯᠪᠤᠷᠢᠲᠠᠢ ᠳᠣᠷᠣᠮᠵᠢᠯᠠᠭᠰᠠᠨ 
 ᠴᠢᠮ᠎ᠠ ᠵᠢ ᠪᠦᠷᠢᠮᠦᠰᠦᠨ ᠨᠢᠴᠦᠭᠦᠯᠡᠭᠰᠡᠨ 
 ᠴᠢᠨᠤ ᠬᠠᠮᠤᠭ ᠨᠢᠭᠤᠴᠠ ᠶᠢ ᠵᠠᠳᠠᠷᠠᠭᠤᠯᠤᠭᠰᠠᠨ 
 ᠴᠠᠯᠮ᠎ᠠ ᠪᠠᠷ ᠴᠢᠮ᠎ᠠ ᠶᠢ ᠪᠣᠭᠣᠮᠢᠯᠠᠭᠰᠠᠨ! 
 ᠨᠥᠭᠥᠭᠡ ᠨᠥᠬᠥᠷ ᠦ᠋ᠨ ᠠᠴᠢ ᠶᠢ ᠬᠠᠷᠢᠭᠤᠯ 
 ᠨᠦᠬᠡ ᠪᠠᠢᠳᠠᠭ ᠢ ᠲᠠᠨ ᠳ᠋ᠤ᠌ ᠲᠠᠨᠢᠭᠤᠯᠵᠠᠢ 
 ᠠᠬ᠎ᠠ ᠠᠬ᠎ᠠ ᠭᠡᠳ ᠰᠡᠭᠦᠳᠡᠷ ᠰᠢᠭ ᠯᠠ 
 ᠠᠷᠤ ᠬᠣᠢᠨ᠎ᠠ ᠠᠴᠠ ᠴᠢᠨᠢ ᠳᠠᠭᠠᠵᠤ ᠪᠠᠢᠨ 
 ᠤᠯᠠᠭᠠᠨ ᠰᠤᠭᠤ ᠪᠠᠷ ᠴᠢᠨᠢ ᠨᠡᠪᠲᠡ ᠵᠢᠳᠠᠯᠠᠬᠤ 
 ᠤᠯᠠᠩᠭᠠᠰᠤᠭᠰᠠᠨ ᠭᠠᠢᠬᠠᠯ ᠢ ᠪᠤᠤ ᠮᠠᠷᠲᠠ 
 ᠢᠯᠡ ᠳᠠᠢᠰᠤᠨ ᠠᠴᠠ 
 ᠢᠲᠡᠭᠡᠯ ᠦᠭᠡᠢ ᠬᠠᠨᠢ ᠨᠡᠩ ᠠᠶᠤᠯᠲᠠᠢ 
 ᠡᠩ ᠡᠭᠡᠯ ᠡᠨᠡ ᠶᠣᠰᠣ ᠶ᠋ᠢ ᠲᠠ ᠲᠠᠨᠢᠪᠠᠢ 
 ᠡᠭᠦᠨᠴᠡ ᠬᠣᠢᠰᠢ ᠲᠠ ᠨᠢᠭᠡ ᠶ᠋ᠢ ᠮᠡᠳᠡᠪᠡᠢ 

 ᠲᠠ ᠨᠠᠷᠠ ᠰᠢᠭ᠋ ᠰᠠᠴᠤᠷᠠᠭ᠎ᠠ ᠦᠶ᠎ᠡ ᠳᠦ 
 ᠲᠠᠨ ᠤ᠋ ᠨᠣᠢᠲᠠᠨ ᠰᠡᠭᠦᠯ ᠪᠠᠢᠭᠰᠠᠨ ᠨᠢᠭᠡᠨ 
 ᠴᠢ ᠦᠨᠡᠰᠦᠨ ᠤ ᠱᠠᠯᠵᠢ ᠪᠣᠯᠬᠤ ᠳ᠋ᠤ᠌ ᠯᠠ 
 ᠲᠣᠯᠣᠭᠠᠢ ᠳᠡᠭᠡᠷ᠎ᠡ ᠴᠢᠨᠢ!  ᠰᠡᠷᠢᠮᠦᠢ ‍ᠶ᠎ᠠ
 ᠲᠡᠭᠦᠨ ᠳᠤ ᠲᠠ ᠪᠢᠲᠡᠭᠡᠢ ᠬᠣᠷᠣᠰ ᠡ 
 ᠭᠡᠳᠡᠷᠭᠦ ᠪᠠᠨ ᠬᠠᠷᠢᠨ ᠲᠡᠭᠦᠨ ᠳ᠋ᠦ᠍ ᠲᠠᠯᠠᠷᠬ᠎ᠠ᠃ 
 ᠲᠡᠭᠦᠨ ᠦ ᠦᠨᠡᠭᠡᠨ ᠰᠡᠭᠦᠯ ᠨᠢ ᠢᠯᠡᠷᠡᠪᠡ 
 ᠡᠰᠡ ᠲᠡᠭᠡᠪᠡᠰᠦ ᠲᠠ ᠠᠯᠠᠭᠳᠠᠵᠤ ᠮᠡᠳᠡᠨ᠎ᠡ 
 ᠲᠠ ᠨᠤᠷᠠᠩᠬᠠᠢ ᠬᠡᠷᠡᠮ ᠪᠠᠢᠬᠤ ᠳ᠋ᠤ᠌ ᠴᠢᠨᠢ ᠯᠠ 
 ᠲᠠᠯ᠎ᠠ ᠲᠣᠭᠣᠰᠬ᠎ᠠ ᠨᠡᠮᠡᠷᠢᠯᠡᠭᠰᠡᠨ ᠬᠥᠮᠦᠨ 
 ᠲᠠ ᠲᠡᠭᠷᠢ ᠲᠤᠯᠤᠮᠠᠷ ᠲᠠᠭᠲᠤ ᠪᠣᠯᠬᠤ ᠳᠤ ᠯᠠ 
 ᠲᠠᠨ ᠠ᠋ᠴᠠ ᠰᠡᠮᠡᠷᠬᠡᠨ ᠬᠣᠯᠠᠳᠠᠭᠰᠠᠨ ᠪᠠᠢᠬᠤᠢ 
 ᠲᠡᠢᠮᠦ ᠬᠥᠮᠦᠨ! ᠲᠩᠷᠢᠯᠢᠭ ᠬᠥᠪᠡᠭᠦᠨ ᠶᠣᠮ᠎ ᠡ 
 ᠲᠡᠭᠦᠨ ᠢ ᠪᠤᠷᠬᠠᠨ ᠮᠡᠲᠦ ᠮᠥᠩᠬᠡ ᠪᠢᠰᠢᠷᠡ᠃

           2024᠂ 07᠂ 29᠃  19᠄39 ᠮᠢᠨᠦ᠋ᠲ 
            ᠰᠢᠯᠦᠭ ᠪᠦᠲᠦᠭᠡᠳᠡᠭ ᠰᠢᠷᠭᠠᠯ ᠬᠠᠳᠠᠨ ᠪᠢᠴᠢᠭ ᠦᠨ 
            ᠰᠢᠷᠡᠭᠡᠨ ᠳᠡᠭᠡᠷ᠎ᠡ ᠪᠠᠨ ᠯᠠ ᠬᠥᠬᠡᠬᠣᠲᠠᠨ᠎ᠠ 
            ᠬᠥᠭᠡᠷᠦᠬᠦᠢ ᠭᠦᠨᠵᠡᠭᠡᠢ ᠯᠡ ᠪᠢᠰᠢᠯᠭᠠᠨ 
            ᠮᠡᠰᠢᠳᠡ ᠲᠤᠢᠯ ᠤ᠋ᠨ ᠬᠡᠴᠢᠶᠡᠩᠬᠦᠢ 
            ᠨᠢᠭᠦᠯᠡᠰᠦᠩᠭᠦᠢ ᠲᠤᠩᠭᠠᠨ ᠪᠦᠲᠦᠭᠡᠪᠡᠢ᠃
               ᠳᠡᠷᠭᠡᠳᠡ ᠠᠨᠤ ᠬᠠᠨᠢ ᠨᠡᠷ᠎ᠡ ᠲᠡᠢ ᠮᠢᠨᠦ 
            ᠭᠥᠯᠥᠭᠡ ᠣᠮᠪᠣᠯ ᠨᠠᠮ᠎ᠠ ᠶ᠋ᠢ ᠰᠠᠬᠢᠪᠠᠢ᠃