ᠴᠢᠨᠳᠠᠭᠠᠨ ᠴᠠᠭᠠᠨ ᠦᠷᠭᠦᠭᠡ-ᠮᠠᠨᠳᠤᠬᠤ ᠪᠠᠭᠰᠢ ᠶᠢᠨ ᠤᠷᠠᠨ ᠪᠢᠴᠢᠯᠭᠡЧагдаган цагаан өргөөChagdagan tsagaan örgöö-Мандах багшийн уран бичлэг
ᠴᠢᠨᠳᠠᠭᠠᠨ ᠴᠠᠭᠠᠨ ᠥᠷᠭᠦᠭᠡ
ᠴᠡᠩᠬᠡᠷᠬᠡᠨ ᠲᠠᠯ᠎ᠠ ᠶ᠋ᠢᠨ ᠳᠡᠨᠵᠢᠨ ᠳᠡᠭᠡᠷ᠎ᠡ
ᠴᠢᠨᠳᠠᠭᠠᠨ ᠴᠠᠭᠠᠨ ᠥᠷᠭᠥᠭᠡ ᠮᠢᠨᠢ ᠪᠠᠢᠨ᠎ᠠ᠂
ᠴᠡᠪᠡᠷᠬᠡᠨ ᠲᠤᠩᠭᠠᠯᠠᠭ ᠷᠠᠰᠢᠶᠠᠨ ᠪᠤᠯᠠᠭ
ᠴᠡᠴᠡᠭᠲᠦ ᠲᠠᠯ᠎ᠠ ᠪᠠᠷ ᠤᠷᠤᠰᠤᠭᠠᠳ ᠪᠠᠢᠨ᠎ᠠ ᠬᠦ᠂
ᠴᠡᠩᠭᠡᠯ ᠵᠢᠷᠭᠠᠯ ᠲᠠᠢ ᠭᠠᠯ ᠭᠣᠯᠣᠮᠲᠠ
ᠴᠢᠨᠳᠠᠭᠠᠨ ᠴᠠᠭᠠᠨ ᠥᠷᠭᠥᠭᠡ ᠮᠢᠨᠢ ᠶᠦᠮ ᠠ᠋ ᠬᠦ᠂
ᠵᠦᠭᠯᠡᠭᠡᠳ ᠢᠷᠡᠬᠦ ᠳ᠋ᠦ᠍ ᠲᠣᠰᠤᠭᠠᠳ ᠠᠪᠳᠠᠭ
ᠵᠢᠷᠦᠬᠡᠨ ᠡᠴᠡ ᠤᠶᠠᠭ᠎ᠠ ᠲᠠᠢ ᠨᠤᠲᠤᠭ ᠶᠤᠮ ᠠ᠋ ᠬᠦ᠃
ᠲᠠᠯ᠎ᠠ ᠶ᠋ᠢᠨ ᠨᠣᠭᠣᠭᠠᠨ ᠳᠡᠨᠵᠢᠨ ᠳᠡᠭᠡᠷ᠎ᠡ
ᠳᠠᠨᠠᠨ ᠴᠠᠭᠠᠨ ᠥᠷᠭᠥᠭᠡ ᠮᠢᠨᠢ ᠪᠠᠢᠨ᠎ᠠ ᠂
ᠲᠠᠪᠤᠨ ᠡᠷᠳᠡᠨᠢ ᠶ᠋ᠢᠨ ᠷᠠᠰᠢᠶᠠᠨ ᠪᠤᠯᠠᠭ
ᠲᠠᠷᠭᠤᠨ ᠰᠦᠷᠦᠭ ᠦ᠋ᠨ ᠮᠢᠨᠢ ᠤᠮᠳᠠᠭᠠᠨ ᠶᠤᠮ ᠠ᠋᠃
ᠲᠠᠩᠰᠤᠭ ᠪᠠᠶᠠᠨ ᠭᠠᠯ ᠭᠣᠯᠣᠮᠲᠠ
ᠲᠠᠨᠠᠨ ᠴᠠᠭᠠᠨ ᠥᠷᠭᠥᠭᠡ ᠮᠢᠨᠢ ᠪᠠᠢᠨ᠎ᠠ᠂
ᠳᠠᠪᠬᠢᠭᠠᠳ ᠢᠷᠡᠬᠦ ᠳ᠋ᠦ᠍ ᠲᠣᠰᠤᠭᠠᠳ ᠠᠪᠳᠠᠭ
ᠵᠢᠷᠦᠬᠡᠨ ᠡᠴᠡ ᠤᠶᠠᠭ᠎ᠠ ᠲᠠᠢ ᠨᠤᠲᠤᠭ ᠶᠤᠮ ᠠ᠋ ᠬᠦ᠃
ᠳᠤᠮᠳᠠ ᠬᠤᠸᠠ ᠶ᠋ᠢᠨ ᠡᠩᠭᠡᠷ ᠳᠡᠭᠡᠷ᠎ᠡ
ᠲᠤᠩ ᠴᠠᠭᠠᠨ ᠥᠷᠭᠥᠭᠡ ᠮᠢᠨᠢ ᠪᠠᠢᠨ᠎ᠠ᠂
ᠳᠠᠭᠤᠲᠠᠢ ᠴᠤᠤᠲᠠᠢ ᠨᠤᠲᠤᠭ ᠮᠢᠨᠢ
ᠳᠤᠷ᠎ᠠ ᠶ᠋ᠢ ᠮᠢᠨᠢ ᠪᠤᠯᠢᠶᠠᠭᠰᠠᠨ ᠭᠠᠵᠠᠷ ᠶᠤᠮ ᠠ᠋ ᠬᠦ᠃
ᠡᠵᠢ ᠠᠪᠤ ᠶ᠋ᠢᠨ ᠭᠠᠯ ᠭᠣᠯᠣᠮᠲᠠ
ᠢᠰᠡᠭᠡᠢ ᠴᠠᠭᠠᠨ ᠥᠷᠭᠥᠭᠡ ᠮᠢᠨᠢ ᠪᠠᠢᠨ᠎ᠠ᠂
ᠡᠷᠭᠢᠭᠡᠳ ᠢᠷᠡᠬᠦ ᠳ᠋ᠦ᠍ ᠲᠣᠰᠤᠭᠠᠳ ᠠᠪᠳᠠᠭ
ᠵᠢᠷᠦᠬᠡᠨ ᠡᠴᠡ ᠤᠶᠠᠭ᠎ᠠ ᠲᠠᠢ ᠨᠤᠲᠤᠭ ᠶᠤᠮ ᠠ᠋ ᠬᠦ᠃
ᠬᠠᠢᠷᠠᠲᠠᠢ ᠨᠤᠲᠤᠭ ᠮᠢᠨᠢ᠃
ᠮᠠᠨᠳᠤᠬᠤ ᠪᠠᠭᠰᠢ ᠪᠢᠴᠢᠵᠦ
ᠰᠠᠷᠠᠨᠲᠤᠶᠠᠭ᠎ᠠ ᠦᠰᠦᠭ ᠢ᠋ ᠠᠮᠢᠯᠠᠭᠤᠯᠪᠠ᠂
ᠬᠢᠨᠠᠭᠴᠢ᠄ ᠲᠤᠶᠠᠭ᠎ᠠ᠂ ᠲᠦᠮᠡᠨᠴᠡᠴᠡᠭ
ᠺᠣᠮᠫᠢᠦ᠋ᠲ᠋ᠧᠷ ᠦ᠋ᠨ ᠬᠢᠨᠠᠭᠴᠢ᠄ ᠬᠠᠨᠳᠠᠵᠠᠪ
