ᠮᠠᠭᠲᠠᠶ᠎ᠠ ᠠ-ᠨ· ᠪᠢᠮᠪᠠМагтъя аа-Н·Бямба
ᠮᠠᠭᠲᠠᠶ᠎ᠠ ᠠ
ᠳᠠᠭᠤᠴᠢᠨ᠄ ᠨ· ᠪᠢᠮᠪᠠ
ᠡᠷᠳᠡᠮᠲᠦ ᠮᠣᠷᠢᠨ ᠬᠤᠭᠤᠷᠠᠨ ᠳ᠋ᠤ᠌ ᠮᠢᠨᠢ
ᠡᠷᠳᠡᠨᠢ ᠶ᠋ᠢᠨ ᠮᠣᠯᠣᠷ ᠲᠣᠯᠣᠭᠠᠢ ᠪᠠᠢᠨ᠎ᠠ
ᠬᠢᠯᠭᠠᠰᠤᠨ ᠬᠣᠶᠠᠷ ᠴᠢᠪᠬᠠᠳᠠᠰᠤᠨ ᠳ᠋ᠤ᠌ ᠮᠢᠨᠢ
ᠬᠦᠴᠦᠲᠦ ᠣᠶᠤᠨ ᠰᠢᠩᠭᠡᠭᠰᠡᠨ ᠪᠠᠢᠨ᠎ᠠ
ᠡᠬᠡ ᠰᠠᠢᠬᠠᠨ ᠬᠡᠯᠡ ᠪᠡᠨ ᠮᠠᠭᠲᠠᠶ᠎ᠠ
ᠡᠵᠡᠨ ᠲᠥᠷᠥ ᠶ᠋ᠢᠨ ᠲᠤᠭ ᠢ᠋ᠶ᠋ᠠᠨ ᠮᠠᠭᠲᠠᠶ᠎ᠠ
ᠡᠷᠬᠢᠮ ᠲᠠᠩᠰᠤᠭ ᠠᠶᠠᠯᠭᠤ ᠶ᠋ᠢ ᠮᠠᠭᠲᠠᠶ᠎ᠠ
ᠡᠪᠡᠰᠦᠨ ᠴᠢᠮᠡᠭᠲᠦ ᠥᠩᠭᠡ ᠪᠡᠨ ᠮᠠᠭᠲᠠᠶ᠎ᠠ
ᠦᠭᠡ ᠶ᠋ᠢᠨ ᠳᠡᠭᠡᠳᠦ ᠢᠷᠦᠭᠡᠯ ᠢ᠋ᠶ᠋ᠡᠨ ᠮᠠᠭᠲᠠᠶ᠎ᠠ
ᠦᠯᠢᠭᠡᠷ ᠳᠣᠮᠣᠭ ᠬᠦᠰᠡᠯ ᠢ᠋ᠶ᠋ᠡᠨ ᠮᠠᠭᠲᠠᠶ᠎ᠠ
ᠦᠢᠯᠡ ᠶ᠋ᠢᠨ ᠳᠡᠭᠡᠳᠦ ᠮᠠᠭᠲᠠᠭᠠᠯ ᠢ᠋ᠶ᠋ᠠᠨ ᠮᠠᠭᠲᠠᠶ᠎ᠠ
ᠦᠶᠡᠯᠡᠨ ᠲᠥᠷᠥᠬᠦ ᠬᠥᠮᠡᠢ ᠶ᠋ᠢ ᠮᠠᠭᠲᠠᠶ᠎ᠠ
ᠡᠷᠬᠡᠲᠦ ᠮᠣᠩᠭᠣᠯ ᠬᠡᠯᠡᠨ ᠳ᠋ᠦ᠍ ᠮᠢᠨᠢ
ᠡᠷᠳᠡᠮ ᠣᠪᠢᠳᠢᠰ ᠴᠣᠭᠴᠠᠯᠠᠨ ᠪᠠᠢᠨ᠎ᠠ
ᠡᠭᠡᠯ ᠮᠣᠳᠣᠨ ᠬᠤᠭᠤᠷ ᠳᠤ ᠠᠮᠢᠯᠠᠵᠤ
ᠡᠨᠡᠬᠡᠨ ᠬᠣᠷᠸ᠎ᠠ ᠳ᠋ᠤ᠌ ᠲᠦᠭᠡᠭᠰᠡᠨ ᠪᠠᠢᠨ᠎ᠠ
ᠡᠶ᠎ᠡ ᠶ᠋ᠢᠨ ᠳᠡᠭᠡᠳᠦ ᠨᠠᠢᠷᠠᠭ ᠢ᠋ᠶ᠋ᠠᠨ ᠮᠠᠭᠲᠠᠶ᠎ᠠ
ᠡᠭᠡᠰᠢᠭ ᠳᠡᠭᠡᠳᠦ ᠳᠠᠭᠤᠤ ᠪᠠᠨ ᠮᠠᠭᠲᠠᠶ᠎ᠠ
ᠡᠪᠯᠡᠨ ᠵᠠᠯᠭᠠᠬᠤ ᠤᠶᠠᠩᠭ᠎ᠠ ᠪᠠᠨ ᠮᠠᠭᠲᠠᠶ᠎ᠠ
ᠡᠷᠬᠢᠮ ᠳᠡᠭᠡᠳᠦ ᠪᠡᠯᠭᠡᠳᠡᠯ ᠢ᠋ᠶ᠋ᠡᠨ ᠮᠠᠭᠲᠠᠶ᠎ᠠ
ᠬᠦᠰᠡᠬᠦᠢ ᠵᠣᠬᠢᠷᠠᠯ ᠬᠦᠢᠯᠡᠭᠡ ᠶ᠋ᠢ ᠮᠠᠭᠲᠠᠶ᠎ᠠ
ᠬᠣᠷᠸ᠎ᠠ ᠶ᠋ᠢᠨ ᠬᠠᠢᠯᠠᠨ ᠬᠤᠭᠤᠷ ᠢ᠋ᠶ᠋ᠠᠨ ᠮᠠᠭᠲᠠᠶ᠎ᠠ
ᠪᠢᠯᠢᠭ ᠦ᠋ᠨ ᠮᠡᠯᠮᠡᠢ ᠵᠦᠩ ᠢ᠋ᠶ᠋ᠡᠨ ᠮᠠᠭᠲᠠᠶ᠎ᠠ
ᠪᠡᠯᠡᠭ ᠳᠡᠮᠪᠡᠷᠢᠯᠲᠦ ᠵᠠᠩᠰᠢᠯ ᠢ᠋ᠶ᠋ᠠᠨ ᠮᠠᠭᠲᠠᠶ᠎ᠠ
ᠠᠶᠠᠯᠠᠭᠤᠯᠵᠤ ᠬᠡᠯᠡᠭᠰᠡᠨ ᠦᠭᠡᠨ ᠳ᠋ᠦ᠍ ᠨᠢ
ᠠᠮᠢᠳᠤ ᠡᠷᠴᠢ ᠨᠢ ᠪᠢᠯᠬᠠᠮ᠎ᠠ ᠪᠠᠢᠨ᠎ᠠ
ᠬᠥᠷᠥᠰᠥᠲᠦ ᠳᠡᠯᠡᠬᠡᠢ ᠲᠣᠯᠢᠲᠤ ᠵᠢᠷᠦᠬᠡᠨ ᠳ᠋ᠦ᠍
ᠬᠦᠴᠦ ᠲᠥᠷᠥᠨ ᠬᠦᠷᠦᠭᠰᠡᠨ ᠪᠠᠢᠨ᠎ᠠ
ᠬᠣᠷᠸ᠎ᠠ ᠶ᠋ᠢᠨ ᠥᠩᠭᠡ ᠬᠠᠷᠬᠢᠷᠠᠭ᠎ᠠ ᠶ᠋ᠢ ᠮᠠᠭᠲᠠᠶ᠎ᠠ
ᠬᠤᠷᠰᠢᠨ ᠬᠠᠯᠢᠬᠤ ᠢᠰᠭᠢᠷᠡᠭᠡ ᠶ᠋ᠢ ᠮᠠᠭᠲᠠᠶ᠎ᠠ
ᠬᠠᠨᠢᠰᠠᠨ ᠨᠠᠢᠵᠠ ᠬᠥᠭ ᠢ᠋ᠶ᠋ᠡᠨ ᠮᠠᠭᠲᠠᠶ᠎ᠠ
ᠬᠠᠯᠬ᠎ᠠ ᠮᠣᠩᠭᠣᠯ ᠠᠶᠠᠯᠭᠤ ᠶ᠋ᠢ ᠮᠠᠭᠲᠠᠶ᠎ᠠ
ᠤᠶᠠᠷᠠᠯ ᠤ᠋ᠨ ᠪᠤᠯᠠᠭ ᠰᠡᠳᠬᠢᠯᠭᠡ ᠶ᠋ᠢ ᠮᠠᠭᠲᠠᠶ᠎ᠠ
ᠤᠬᠠᠭᠠᠨ ᠤ᠋ ᠳᠠᠯᠠᠢ ᠰᠡᠳᠬᠢᠬᠦᠢ ᠶ᠋ᠢ ᠮᠠᠭᠲᠠᠶ᠎ᠠ
ᠤᠳᠤᠮᠲᠤ ᠮᠣᠩᠭᠣᠯ ᠣᠶᠤᠨ ᠢ᠋ᠶ᠋ᠠᠨ ᠮᠠᠭᠲᠠᠶ᠎ᠠ
ᠤᠳᠬ᠎ᠠ ᠲᠡᠭᠦᠰ ᠲᠤᠤᠯᠢᠰ ᠢ᠋ᠶ᠋ᠠᠨ ᠮᠠᠭᠲᠠᠶ᠎ᠠ
ᠦᠭᠡ ᠶ᠋ᠢᠨ ᠳᠡᠭᠡᠳᠦ ᠢᠷᠦᠭᠡᠯ ᠢ᠋ᠶ᠋ᠡᠨ ᠮᠠᠭᠲᠠᠶ᠎ᠠ
ᠦᠯᠢᠭᠡᠷ ᠳᠣᠮᠣᠭ ᠬᠦᠰᠡᠯ ᠢ᠋ᠶ᠋ᠡᠨ ᠮᠠᠭᠲᠠᠶ᠎ᠠ
ᠦᠢᠯᠡ ᠶ᠋ᠢᠨ ᠳᠡᠭᠡᠳᠦ ᠮᠠᠭᠲᠠᠭᠠᠯ ᠢ᠋ᠶ᠋ᠠᠨ ᠮᠠᠭᠲᠠᠶ᠎ᠠ
ᠦᠶᠡᠯᠡᠨ ᠲᠥᠷᠥᠬᠦ ᠬᠥᠮᠡᠢ ᠶ᠋ᠢ ᠮᠠᠭᠲᠠᠶ᠎ᠠ
ᠦᠰᠦᠭ ᠠᠮᠢᠯᠠᠭᠤᠯᠤᠭᠴᠢ᠄ ᠯᠢᠩᠬᠤᠸᠠᠴᠡᠴᠡᠭ
ᠦᠰᠦᠭ ᠬᠠᠲᠠᠭᠴᠢ᠄ ᠯᠢᠩᠬᠤᠸᠠᠴᠡᠴᠡᠭ
ᠬᠢᠨᠠᠭᠴᠢ ᠪᠠᠭᠰᠢ᠄ ᠣᠳᠬᠣᠨᠴᠡᠴᠡᠭ
