ᠰᠠᠢᠬᠠᠨ ᠨᠤᠲᠤᠭ-ᠭ ∙ ᠳᠣᠯᠭᠠᠷᠰᠦ᠋ᠷᠦᠩSaikhan nutag Сайхан нутаг Г.Долгорсүрэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠨᠤᠲᠤᠭ-ᠭ ∙ ᠳᠣᠯᠭᠠᠷᠰᠦ᠋ᠷᠦᠩSaikhan nutag Сайхан нутаг Г.Долгорсүрэн

ᠰᠠᠢᠬᠠᠨ ᠨᠤᠲᠤᠭ-ᠭ ∙ ᠳᠣᠯᠭᠠᠷᠰᠦ᠋ᠷᠦᠩSaikhan nutag Сайхан нутаг Г.Долгорсүрэн

ᠠᠩᠭᠢᠯᠠᠯ:ᠳᠠᠭᠤᠤ ᠬᠥᠭᠵᠢᠮ
2024-08-05

1402

ᠰᠠᠢᠬᠠᠨ ᠨᠤᠲᠤᠭ

   ᠦᠭᠡ᠄ ᠳ· ᠪᠢᠮᠪᠠ 
   ᠠᠶ᠎ᠠ᠄ ᠬᠡ· ᠡᠷᠳᠡᠨᠢᠪᠠᠭᠠᠲᠤᠷ 
   ᠳᠠᠭᠤᠴᠢᠨ᠄ ᠭᠠᠩᠪᠠᠲᠤ ᠶ᠋ᠢᠨ ᠳᠤᠯᠭᠠᠷᠰᠥ᠋ᠷᠦᠩ 
ᠥᠷᠭᠥᠭᠡ ᠭᠡᠷ ᠦ᠋ᠨ ᠮᠢᠨᠢ ᠥᠩᠭᠡ ᠨᠢ ᠰᠠᠢᠬᠠᠨ
ᠡᠪᠦᠭᠡ ᠳᠡᠭᠡᠳᠦᠰ ᠦ᠋ᠨ ᠮᠢᠨᠢ ᠤᠳᠤᠮ ᠨᠢ ᠰᠠᠢᠬᠠᠨ
ᠰᠢᠭᠦᠳᠡᠷᠢ ᠲᠡᠢ ᠨᠤᠭᠤ ᠶ᠋ᠢᠨ ᠮᠢᠨᠢ ᠴᠡᠴᠡᠭ ᠨᠢ ᠰᠠᠢᠬᠠᠨ
ᠰᠢᠲᠦᠯᠭᠡ ᠲᠡᠢ ᠠᠭᠤᠯᠠ ᠶ᠋ᠢᠨ ᠮᠢᠨᠢ ᠨᠡᠷ᠎ᠡ ᠰᠠᠢᠬᠠᠨ
ᠪᠤᠷᠬᠠᠨ ᠠ᠋ᠴᠠ ᠵᠠᠶᠠᠭ᠎ᠠ ᠲᠠᠢ ᠷᠠᠰᠢᠶᠠᠨᠲᠤ ᠶ᠋ᠢᠨ ᠣᠨᠳᠣᠷᠤᠭ᠎ᠠ 
ᠪᠤᠶᠠᠨ ᠢ᠋ᠶ᠋ᠠᠨ ᠬᠤᠷᠤᠢᠯᠠᠭᠰᠠᠨ ᠬᠤᠷᠠᠮᠲᠤ ᠶ᠋ᠢᠨ ᠪᠡᠯᠴᠢᠭᠡᠷ 
ᠠᠢ ᠳᠠ! ᠬᠤᠨ ᠰᠢᠭ᠋ ᠰᠠᠢᠬᠠᠨ ᠨᠤᠲᠤᠭ ᠠ᠋ 
ᠠᠮᠢᠳᠤᠷᠠᠯ ᠬᠠᠢᠷᠠᠯᠠᠭᠰᠠᠨ ᠤᠨᠠᠭᠠᠨ ᠨᠤᠲᠤᠭ ᠠ᠋ 
ᠭᠣᠣᠯ ᠤ᠋ᠨ ᠤᠷᠤᠰᠬᠠᠯ ᠤ᠋ᠨ ᠮᠢᠨᠢ ᠤᠶᠠᠩᠭ᠎ᠠ ᠨᠢ ᠰᠠᠢᠬᠠᠨ
ᠭᠤᠸᠠᠯᠢᠭ ᠥᠬᠢᠨ ᠦ᠌ ᠮᠢᠨᠢ ᠵᠢᠰᠦ ᠨᠢ ᠰᠠᠢᠬᠠᠨ
ᠬᠦᠯᠦᠭ ᠮᠣᠷᠢᠳ ᠤ᠋ᠨ ᠮᠢᠨᠢ ᠬᠤᠷᠳᠤ ᠨᠢ ᠰᠠᠢᠬᠠᠨ
ᠬᠦᠴᠦᠲᠡᠢ ᠡᠷᠡᠰ ᠦ᠋ᠨ ᠮᠢᠨᠢ ᠪᠢᠷ᠎ᠠ ᠨᠢ ᠰᠠᠢᠬᠠᠨ
ᠲᠤᠯᠭ᠎ᠠ ᠢᠳᠡᠭᠡᠯᠡᠭᠰᠡᠨ ᠰᠠᠢᠬᠠᠨ ᠥᠷᠯᠥᠭᠡ
ᠳᠠᠭᠤᠤ ᠪᠠᠷ ᠴᠠᠯᠭᠢᠯᠠᠭᠰᠠᠨ ᠥᠯᠵᠡᠢ ᠣᠷᠣᠨ ᠠ᠋
ᠠᠢ ᠳᠠ! ᠮᠥᠩᠬᠡ ᠶ᠋ᠢᠨ ᠰᠠᠢᠬᠠᠨ ᠨᠤᠲᠤᠭ ᠠ᠋
ᠠᠮᠢᠳᠤᠷᠠᠯ ᠬᠠᠢᠷᠠᠯᠠᠭᠰᠠᠨ ᠥᠯᠥᠭᠡᠢ ᠨᠤᠲᠤᠭ ᠠ᠋
ᠤᠷᠭᠤᠮᠠᠯ ᠡᠪᠡᠰᠦᠨ ᠦ᠌ ᠮᠢᠨᠢ ᠰᠢᠮ᠎ᠡ ᠨᠢ ᠰᠠᠢᠬᠠᠨ
ᠤᠤᠭᠤᠳᠠᠭ ᠠᠢᠷᠠᠭ ᠤ᠋ᠨ ᠮᠢᠨᠢ ᠠᠮᠲᠠ ᠨᠢ ᠰᠠᠢᠬᠠᠨ
ᠤᠷᠲᠤ ᠶ᠋ᠢᠨ ᠳᠠᠭᠤᠨ ᠤ᠋ ᠮᠢᠨᠢ ᠠᠶᠠᠯᠭᠤ ᠨᠢ ᠰᠠᠢᠬᠠᠨ
ᠤᠤᠭᠠᠯ ᠨᠤᠲᠤᠭ ᠤ᠋ᠨ ᠮᠢᠨᠢ ᠠᠯᠳᠠᠷ ᠨᠢ ᠰᠠᠢᠬᠠᠨ
ᠵᠢᠪᠠᠷ ᠤᠶᠠᠷᠠᠭᠠᠭᠰᠠᠨ ᠵᠢᠷᠠᠨ ᠴᠦᠩᠬᠦᠭ
ᠵᠢᠷᠭᠠᠯ ᠬᠤᠷᠤᠢᠯᠠᠭᠰᠠᠨ ᠤᠷᠢᠨ ᠤ᠋ ᠣᠷᠣᠨ
ᠠᠢ ᠳᠠ! ᠮᠥᠩᠬᠡ ᠶ᠋ᠢᠨ ᠰᠠᠢᠬᠠᠨ ᠨᠤᠲᠤᠭ ᠠ᠋
ᠠᠮᠢᠳᠤᠷᠠᠯ ᠬᠠᠢᠷᠠᠯᠠᠭᠰᠠᠨ ᠮᠢᠨᠦ ᠨᠤᠲᠤᠭ ᠠ᠋
ᠵᠢᠪᠠᠷ ᠤᠶᠠᠷᠠᠭᠠᠭᠰᠠᠨ ᠵᠢᠷᠠᠨ ᠴᠦᠩᠬᠦᠭ
ᠵᠢᠷᠭᠠᠯ ᠬᠤᠷᠤᠢᠯᠠᠭᠰᠠᠨ ᠤᠷᠢᠨ ᠤ᠋ ᠣᠷᠣᠨ
ᠠᠢ ᠳᠠ! ᠮᠥᠩᠬᠡ ᠶ᠋ᠢᠨ ᠰᠠᠢᠬᠠᠨ ᠨᠤᠲᠤᠭ ᠠ᠋
ᠠᠮᠢᠳᠤᠷᠠᠯ ᠬᠠᠢᠷᠠᠯᠠᠭᠰᠠᠨ ᠮᠢᠨᠦ ᠨᠤᠲᠤᠭ ᠠ᠋
ᠠᠮᠢᠳᠤᠷᠠᠯ ᠬᠠᠢᠷᠠᠯᠠᠭᠰᠠᠨ ᠰᠠᠢᠬᠠᠨ ᠨᠤᠲᠤᠭ ᠠ᠋

   ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
   ᠬᠢᠨᠠᠭᠴᠢ᠄ ᠮᠥᠴᠢᠷ᠂ ᠰᠣᠶᠣᠯ᠂ ᠭᠠᠷᠮ᠎ᠠ