ᠬᠣᠭᠣᠰᠣᠨ -ᠲᠠᠩᠭᠤᠳ ᠫ᠂ ᠭᠡᠷᠡᠯᠲᠤᠶᠠᠭ᠎ᠠХоосон-Тангад П,Гэрэлтуяа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠭᠣᠰᠣᠨ -ᠲᠠᠩᠭᠤᠳ ᠫ᠂ ᠭᠡᠷᠡᠯᠲᠤᠶᠠᠭ᠎ᠠХоосон-Тангад П,Гэрэлтуяа

ᠬᠣᠭᠣᠰᠣᠨ -ᠲᠠᠩᠭᠤᠳ ᠫ᠂ ᠭᠡᠷᠡᠯᠲᠤᠶᠠᠭ᠎ᠠХоосон-Тангад П,Гэрэлтуяа

2024-08-05

831

      ᠲᠠᠩᠭᠤᠳ ᠫ· ᠭᠡᠷᠡᠯᠲᠤᠶᠠᠭ᠎ᠠ 

《ᠣᠷᠣᠨ ᠳ᠋ᠠᠭᠠᠨ ᠣᠷᠣᠬᠤ ᠵᠠᠪ ᠦᠭᠡᠢ ᠣᠯᠵᠠᠯᠠᠳᠠᠨ ᠪᠠᠢᠯᠳᠤᠵᠤ᠂ 
ᠬᠤᠶᠠᠭ ᠢ᠋ᠶ᠋ᠠᠨ ᠲᠠᠢᠯᠬᠤ ᠴᠢᠯᠥᠭᠡ ᠦᠭᠡᠢ ᠬᠠᠳᠬᠤᠯᠳᠤᠨ ᠲᠤᠯᠤᠯᠳᠤᠵᠤ᠂》
— ᠡᠷᠲᠡᠨ ᠦ᠌ ᠮᠣᠩᠭᠣᠯ ᠡᠢᠨ ᠪᠠᠢᠵᠤ ᠥᠪᠡᠷᠰᠡᠳ ᠢ᠋ ᠪᠡᠨ ᠬᠦᠴᠦᠷᠬᠡᠭᠵᠢᠭᠦᠯᠦᠭᠰᠡᠨ ᠪᠢᠯᠡ᠃

ᠭᠡᠬᠦ ᠳ᠋ᠦ᠍—
ᠡᠳᠦᠭᠡ ᠶ᠋ᠢᠨ ᠪᠢᠳᠡᠨᠡᠷ ᠶᠠᠭᠠᠬᠢᠵᠤ ᠪᠠᠢᠨᠠᠮ 
ᠤᠯᠠᠭᠠᠨ ᠬᠠᠯᠴᠠᠭᠠᠢ ᠨᠤᠲᠤᠭ ᠢ᠋ᠶ᠋ᠠᠨ 
ᠤᠶᠠᠩᠭ᠎ᠠ ᠰᠢᠯᠦᠭ ᠢ᠋ᠶ᠋ᠡᠷ ᠢ᠋ᠶ᠋ᠡᠨ ᠮᠠᠭᠲᠠᠵᠤ 
ᠤᠰᠤ ᠪᠠᠷ ᠳᠤᠲᠠᠭᠰᠠᠨ ᠲᠠᠯ᠎ᠠ ᠳ᠋ᠠᠭᠠᠨ 
ᠤᠷᠲᠤ ᠶ᠋ᠢᠨ ᠳᠠᠭᠤᠤ ᠰᠢᠷᠤᠩᠬᠠᠢᠯᠠᠭᠤᠯᠵᠤ
ᠲᠠᠷ ᠨᠢ ᠶᠠᠳᠠᠭᠰᠠᠨ ᠮᠠᠯ ᠢ᠋ᠶ᠋ᠠᠨ
ᠲᠠᠷᠢᠶᠠᠨ ᠭᠤᠤᠷᠰᠤ ᠪᠠᠷ ᠲᠡᠵᠢᠭᠡᠵᠦ
ᠲᠠᠩᠰᠤᠭ ᠥᠩᠭᠡᠨ ᠠᠮᠢᠳᠤᠷᠠᠯ ᠢ᠋ᠶ᠋ᠠᠨ
ᠥᠷᠢᠨ ᠳᠠᠩᠰᠠ ᠪᠠᠷ ᠳᠦᠭᠦᠷᠭᠡᠵᠦ
ᠰᠢᠯᠢᠳᠡᠭ ᠦᠨ᠎ᠡ ᠪᠡᠷ ᠠᠪᠤᠭᠰᠠᠨ
ᠡᠭᠦᠯᠳᠡᠷ ᠤᠭᠰᠢᠯ ᠤ᠋ᠨ ᠮᠣᠷᠢᠳ ᠢ᠋ᠶ᠋ᠠᠨ
ᠰᠢᠮᠡᠯᠳᠡᠭ ᠣᠪᠢᠶᠠᠰᠤ ᠪᠠᠷ ᠪᠣᠷᠳᠣᠵᠤ
ᠱᠠᠩᠨᠠᠯ ᠤ᠋ᠨ ᠬᠣᠢᠨ᠎ᠠ ᠠ᠋ᠴᠠ ᠤᠷᠤᠯᠳᠤᠵᠤ
ᠰᠢᠷᠢᠨ ᠵᠣᠳᠣᠭᠲᠤ ᠪᠥᠬᠡᠴᠦᠳ ᠨᠢ
ᠭᠤᠲᠤᠯ ᠢ᠋ᠶ᠋ᠠᠨ ᠲᠠᠢᠯᠬᠤ ᠵᠠᠪᠳᠤᠯ ᠦᠭᠡᠢ
ᠰᠢᠯᠢ ᠶ᠋ᠢᠨ ᠠᠭᠤᠳᠠᠮ ᠳᠡᠨᠵᠢ ᠶ᠋ᠢ
ᠬᠣᠲᠣᠢᠲᠠᠯ᠎ᠠ ᠨᠢ ᠨᠣᠴᠣᠯᠳᠤᠵᠤ
ᠰᠢᠨ᠎ᠡ ᠶ᠋ᠢᠨ ᠨᠢᠭᠡᠨ ᠡᠴᠡ ᠡᠬᠢᠯᠡᠭᠡᠳ
ᠪᠢᠲᠡᠭᠦᠨ ᠪᠣᠯᠲᠠᠯ᠎ᠠ ᠨᠠᠢᠷᠯᠠᠵᠤ
ᠰᠢᠯᠢᠨ ᠭᠤᠸᠠᠩᠵᠠᠨ ᠤ᠋ ᠠᠲᠠᠷ ᠢ᠋
ᠴᠤᠤ ᠲᠠᠲᠠᠲᠠᠯ᠎ᠠ ᠬᠤᠷᠢᠮᠯᠠᠵᠤ
ᠮᠠᠯ ᠤ᠋ᠨ ᠦᠨ᠎ᠡ ᠪᠠᠭᠤᠷᠠᠭᠰᠠᠨ ᠴᠤ᠌
ᠮᠡᠳᠬᠢᠵᠦ ᠰᠡᠳᠬᠢᠵᠦ ᠪᠣᠳᠣᠳᠠᠭ ᠦᠭᠡᠢ
ᠮᠠᠩᠬᠠᠨ ᠲᠩᠷᠢ ᠨᠢ ᠰᠠᠯᠬᠢᠯᠠᠭᠰᠠᠨ ᠴᠤ᠌
ᠮᠠᠵᠢᠶᠠᠩ ᠰᠢᠷᠡᠭᠡᠨ ᠡᠴᠡ ᠰᠠᠯᠳᠠᠭ ᠦᠭᠡᠢ
ᠦᠨᠳᠦᠰᠦ ᠦᠭᠡᠢ ᠪᠣᠯᠤᠭᠰᠠᠨ ᠭᠠᠵᠠᠷ ᠢ᠋ᠶ᠋ᠠᠨ
ᠠᠭᠤᠷᠬᠠᠢ ᠮᠥᠩᠭᠥ ᠪᠡᠷ ᠠᠷᠠᠯᠵᠢᠵᠤ
ᠡᠭᠦᠯᠡ ᠶ᠋ᠢ ᠫᠤᠤᠳᠠᠭᠰᠠᠨ᠂ ᠨᠢᠰᠬᠡᠯ ᠨᠢᠰᠦᠭᠰᠡᠨ
ᠦᠩᠭᠢᠨᠡᠭᠰᠡᠨ ᠵᠥᠭᠡᠢ ᠰᠢᠭ ᠶᠠᠷᠬᠢᠯᠳᠤᠵᠤ
ᠳᠡᠭᠡᠷ᠎ᠡ ᠡᠴᠡ ᠥᠭᠳᠡᠭ ᠨᠥᠬᠥᠪᠥᠷᠢ ᠪᠡᠨ
ᠲᠡᠰᠬᠡᠯ ᠠᠯᠲᠠᠨ ᠬᠦᠯᠢᠶᠡᠵᠦ
ᠳᠡᠯᠡᠬᠡᠢ ᠶᠠᠭᠠᠬᠢᠬᠤ ᠪᠠᠨ ᠠᠯᠳᠠᠷᠠ
ᠲᠡᠮᠦᠷ ᠲᠤᠤᠷᠤᠨ ᠳ᠋ᠠᠭᠠᠨ
ᠬᠡᠷᠡᠯᠳᠦᠵᠦ
ᠣᠷᠣᠢ ᠱᠠᠯᠴᠢᠲᠠᠯ᠎ᠠ ᠪᠠᠨ ᠤᠤᠭᠤᠵᠤ
ᠥᠷᠯᠥᠭᠡᠨ ᠨᠢ ᠣᠪᠣᠭᠠᠨ ᠳ᠋ᠠᠭᠠᠨ ᠰᠢᠷᠠᠳᠠᠳᠠᠭ
ᠥᠭᠭᠦᠭᠡᠴᠢ ᠬᠥᠬᠡ ᠲᠩᠷᠢ ᠪᠡᠨ
ᠥᠭᠭᠦᠭᠰᠡᠨ ᠦᠭᠡᠢ ᠭᠡᠵᠦ ᠭᠣᠮᠣᠳᠠᠳᠠᠭ
ᠨᠤᠲᠤᠭ ᠤ᠋ᠨ ᠨᠠᠪᠲᠠᠭ ᠰᠠᠪᠳᠠᠭ ᠢ᠋ᠶ᠋ᠠᠨ
ᠠᠷᠭᠠᠳᠠᠵᠤ ᠪᠦᠦ ᠬᠡᠯᠡ᠂ ᠲᠣᠭᠣᠳᠠᠭ ᠦᠭᠡᠢ
ᠨᠤᠷᠠᠵᠤ ᠪᠠᠢᠭ᠎ᠠ ᠠᠬᠤᠢ ᠪᠠᠨ
ᠰᠡᠷᠡᠬᠦ ᠶ᠋ᠢ ᠪᠦᠦ ᠬᠡᠯᠡ᠂ ᠨᠣᠢᠷᠮᠤᠭᠯᠠᠳᠠᠭ
ᠭᠠᠭᠴᠠ ᠬᠡᠳᠦᠨ ᠬᠡᠦᠬᠡᠳ ᠨᠢ
ᠠᠵᠢᠯ ᠡᠷᠢᠨ ᠪᠡᠳᠡᠷᠢᠵᠦ
ᠬᠣᠶᠠᠷ ᠨᠢᠭᠡ ᠡᠪᠦᠭᠡᠳ ᠬᠥᠭᠰᠢᠳ ᠨᠢ
ᠬᠣᠷᠣᠭᠠᠨ ᠤ᠋ ᠡᠩᠭᠡᠷ ᠪᠦᠳᠦᠴᠢᠵᠦ
ᠠᠰᠠᠷ ᠰᠢᠭ᠋ ᠲᠣᠭᠣᠰᠬᠠᠨ ᠪᠠᠢᠰᠢᠩ
ᠪᠣᠯᠣᠷ ᠣᠷᠳᠣᠨ ᠮᠡᠲᠦ ᠭᠢᠯᠠᠯᠵᠠᠵᠤ
ᠵᠡᠭᠡᠯᠢ ᠰᠢᠭ ᠪᠢᠲᠡᠭᠦᠦ ᠫᠧᠩ
ᠬᠣᠲᠠ ᠪᠠᠭᠲᠠᠬᠤ ᠦᠭᠡᠢ ᠦᠷᠭᠦᠯᠵᠢᠯᠡᠵᠦ
ᠤᠤᠭᠤᠵᠤ ᠢᠳᠡᠬᠦ ᠪᠡᠷ ᠳᠤᠲᠠᠬᠤ ᠦᠭᠡᠢ
ᠤᠨᠤᠭ᠎ᠠ ᠮᠠᠰᠢᠨ ᠢ᠋ᠶ᠋ᠠᠷ ᠭᠠᠴᠢᠭᠳᠠᠬᠤ ᠦᠭᠡᠢ
ᠠᠭᠤᠵᠢᠮ ᠮᠣᠩᠭᠣᠯ ᠤᠭᠰᠠᠭᠠᠲᠠᠨ ᠮᠢᠨᠢ
ᠤᠨᠲᠠᠵᠤ ᠪᠠᠢᠨ᠎ᠠ ᠤᠤ
ᠤᠴᠢᠷ ᠤᠬᠠᠭᠠᠨ ᠨᠢ ᠪᠠᠯᠠᠢᠷᠠᠵᠤ
ᠳᠡᠩᠳᠡᠵᠦ ᠪᠠᠢᠨ᠎ᠠ ᠤᠤ
ᠥᠨᠳᠥᠷ ᠱᠠᠩ ᠲᠠᠢ ᠨᠠᠢᠷ ᠲᠤᠨᠢ
ᠱᠠᠩᠳᠠᠭᠤᠷᠠᠵᠤ ᠪᠠᠢᠨ᠎ᠠ ᠤᠤ
ᠥᠪᠡᠷᠲᠡᠭᠡᠨ ᠵᠠᠰᠠᠬᠤ ᠪᠠᠨ ᠮᠠᠷᠲᠠᠭᠠᠳ
ᠮᠠᠨᠠᠷᠠᠭᠠᠵᠤ ᠪᠠᠢᠨ᠎ᠠ ᠤᠤ
᠁ ᠁ ᠁
᠁ ᠁ ᠁
ᠪᠦᠬᠦ ᠶᠠᠭᠤᠮ᠎ᠠ
ᠪᠢᠳᠡᠨ ᠦ᠌ ᠪᠤᠷᠤᠭᠤ ᠪᠢᠰᠢ ᠠ᠋
ᠲᠡᠢᠮᠦ ᠤᠤ
ᠪᠥᠮᠪᠥᠷᠴᠡᠭ ᠴᠢᠨᠢ
ᠲᠦᠮᠡᠨ ᠦ᠌ ᠬᠢ
ᠲᠠᠭᠠᠷᠠᠨ᠎ᠠ ᠤᠤ
ᠲᠠᠷᠢᠬᠢ ᠲᠠᠢ ᠴᠤ᠌
ᠮᠣᠩᠭᠣᠯ ᠪᠠᠢᠭᠰᠠᠨ ᠶᠤᠮ ᠳᠠ
ᠵᠠᠢᠯᠠᠭᠤᠯ
ᠠᠷᠢᠬᠢ ᠲᠠᠢ ᠰᠡᠩᠭᠢᠨᠡᠵᠦ ᠶᠠᠪᠤᠬᠤ
ᠭᠠᠢᠬᠠᠭᠤᠯ
ᠠᠷᠤ ᠳ᠋ᠤ᠌ ᠮᠢᠨᠢ
ᠠ᠂ ᠠ᠋᠂ ᠢ᠂ ᠰᠤᠷᠤᠭᠰᠠᠨ
ᠠᠴᠢᠷ ᠦᠷᠡᠰ ᠦ᠋ᠳ ᠮᠢᠨᠢ
ᠠᠪᠤᠭᠠᠳ ᠲᠠᠲᠠᠭᠠᠳ
ᠪᠤᠰᠬᠠᠴᠢᠬᠠᠭᠠᠷᠠᠢ
ᠳᠠᠳᠬᠠᠯ᠃᠃
ᠶᠠᠷᠢᠭᠰᠠᠨ ᠪᠦᠬᠦᠨ ᠮᠠᠨᠢ
ᠬᠣᠭᠣᠰᠣᠨ ᠶᠤᠮ ᠪᠠᠢᠨ᠎ᠠ
ᠣᠮ ᠠ ᠬᠣᠮ
ᠶᠠᠳᠠᠭᠰᠠᠨ ᠪᠢ ᠬᠤᠳᠠᠯᠴᠢ ᠶᠤᠮ ᠠ᠋
ᠥᠷᠥᠰᠢᠶᠡᠵᠦ ᠪᠣᠯᠭᠣᠭ᠎ᠠ

     ᠭᠣᠪᠢ ᠴᠢᠯᠠᠭᠤᠲᠤ ᠳ᠋ᠤ᠌
       2024.07.04. ᠦᠳᠡ ᠳ᠋ᠦ᠍

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠤᠷᠠᠨᠲᠠᠨ᠎ᠠ᠂ ᠣᠳᠬᠠᠨᠰᠣ᠎ᠠ