ᠠᠪᠤ ᠪᠠᠨ ᠰᠠᠨᠠᠨ᠎ᠠ -ᠲᠠᠩᠭᠤᠳ ᠫ᠂ ᠭᠡᠷᠡᠯᠲᠤᠶᠠᠭ᠎ᠠАаваа санана-Тангад П,Гэрэлтуяа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠪᠠᠨ ᠰᠠᠨᠠᠨ᠎ᠠ -ᠲᠠᠩᠭᠤᠳ ᠫ᠂ ᠭᠡᠷᠡᠯᠲᠤᠶᠠᠭ᠎ᠠАаваа санана-Тангад П,Гэрэлтуяа

ᠠᠪᠤ ᠪᠠᠨ ᠰᠠᠨᠠᠨ᠎ᠠ -ᠲᠠᠩᠭᠤᠳ ᠫ᠂ ᠭᠡᠷᠡᠯᠲᠤᠶᠠᠭ᠎ᠠАаваа санана-Тангад П,Гэрэлтуяа

2024-08-03

984

ᠠᠪᠤ ᠪᠠᠨ ᠰᠠᠨᠠᠨ᠎ᠠ

      ᠫ· ᠭᠡᠷᠡᠯᠲᠤᠶᠠᠭ᠎ᠠ 

ᠣᠷᠴᠢᠯᠠᠩ ᠳ᠋ᠤ᠌ ᠣᠯᠠᠨ ᠬᠥᠮᠦᠨ ᠲᠥᠭᠡᠷᠢᠵᠦ ᠬᠡᠯᠲᠦᠷᠡᠨ᠎ᠡ 
ᠣᠭᠲᠠᠷᠭᠤᠢ ᠳ᠋ᠤ᠌ ᠣᠯᠠᠨ ᠣᠳᠣᠳ ᠭᠢᠯᠠᠯᠵᠠᠵᠤ ᠭᠡᠷᠡᠯᠲᠦᠨ᠎ᠡ 
ᠬᠠᠮᠢᠭ᠎ᠠ ᠨᠢᠭᠡᠲᠡᠭᠡ ᠡᠴᠡ ᠨᠢᠯᠬᠢᠲᠡᠯ᠎ᠡ ᠰᠠᠯᠬᠢ ᠨᠠᠮᠢᠷᠠᠨ᠎ᠠ 
ᠬᠠᠷᠢᠨ ᠪᠢ ᠠᠪᠤ ᠶ᠋ᠢ ᠪᠡᠨ ᠵᠡᠭᠦᠳᠦᠯᠡᠵᠦ ᠵᠢᠷᠭᠠᠨ᠎ᠠ ᠠ᠋ 

ᠭᠦᠨ ᠨᠣᠢᠷ ᠤ᠋ᠨ ᠳᠤᠮᠳᠠ ᠬᠥᠮᠦᠨ ᠵᠡᠭᠦᠳᠦᠯᠡᠳᠡᠭ ᠶᠦᠮ ᠪᠠᠢᠵᠠᠢ 
ᠭᠦᠨᠵᠡᠭᠡᠢ ᠰᠠᠨᠠᠭᠰᠠᠨ ᠶᠠᠭᠤᠮ᠎ᠠ ᠲᠠᠢ ᠪᠠᠨ ᠤᠴᠠᠷᠠᠳᠠᠭ ᠶᠤᠮ ᠪᠠᠢᠵᠠᠢ 
ᠠᠯᠲᠠᠨ ᠨᠠᠷᠠᠨ ᠤ᠋ ᠳᠣᠣᠷ᠎ᠠ ᠣᠯᠵᠤ ᠦᠵᠡᠳᠡᠭ ᠦᠭᠡᠢ ᠬᠥᠮᠦᠨ ᠲᠡᠢ 
ᠠᠮᠲᠠᠲᠤ ᠨᠣᠢᠷᠣᠨ ᠳᠤᠮᠳᠠ ᠪᠠᠨ ᠵᠣᠯᠭᠠᠳᠠᠭ ᠶᠤᠮ ᠪᠠᠢᠵᠠᠢ ᠠ᠋

ᠬᠠᠨᠠᠲᠤ ᠭᠡᠷ ᠦ᠋ᠨ ᠮᠢᠨᠢ ᠬᠣᠢᠮᠣᠷ ᠭᠡᠷᠡᠯ ᠨᠠᠯᠠᠢᠨ᠎ᠠ
ᠬᠠᠨ ᠨᠠᠷᠠᠨ ᠰᠡᠳᠬᠢᠯ ᠤᠶᠠᠰᠲᠠᠯ᠎ᠠ ᠵᠤᠯᠠᠢ ᠶ᠋ᠢ ᠢᠯᠪᠢᠨ᠎ᠡ
ᠬᠠᠭᠠᠯᠭᠠᠨ ᠵᠠᠢᠪᠴᠢ ᠪᠠᠷ ᠬᠠᠨ ᠠᠭᠤᠯᠠ ᠬᠠᠨᠠᠷᠠᠵᠤ ᠬᠠᠷᠠᠭᠳᠠᠨ᠎ᠠ
ᠬᠠᠳᠠᠨ ᠥᠨᠳᠥᠷ ᠰᠠᠷᠢᠳᠠᠭ ᠵᠢᠷᠦᠬᠡᠨ ᠳ᠋ᠦ᠍ ᠵᠥᠭᠡᠯᠡᠨ ᠰᠦᠮᠪᠦᠷᠯᠡᠨ᠎ᠡ ᠠ᠋

ᠤᠳᠠᠭᠠᠨ ᠬᠣᠨᠣᠭ ᠪᠦᠷ ᠴᠦ᠍ ᠰᠤᠷᠠᠭ ᠠᠯᠤᠰ ᠮᠣᠷᠳᠠᠭᠰᠠᠨ᠁
ᠤᠶᠠᠭᠠᠨ ᠳᠡᠭᠡᠷ᠎ᠡ ᠮᠢᠨᠢ ᠵᠢᠪᠬᠤᠯᠵᠠᠭᠰᠠᠨ ᠮᠣᠷᠢ ᠲᠠᠢ ᠪᠠᠭᠤᠨ᠎ᠠ
ᠤᠯᠠᠭᠠᠨ ᠵᠢᠷᠦᠬᠡ ᠪᠦᠷ ᠴᠦ᠍ ᠬᠠᠭᠰᠠᠵᠤ ᠮᠥᠷᠥᠭᠡᠳᠦᠭᠰᠡᠨ᠃᠃
ᠤᠨᠲᠠᠭᠠᠳ ᠰᠡᠷᠢᠬᠦ ᠳ᠋ᠦ᠍ ᠮᠢᠨᠢ ᠬᠠᠢᠯᠭᠠᠨ ᠨᠢᠯᠪᠤᠰᠤ ᠬᠠᠴᠠᠷ ᠡᠰᠬᠡᠭᠡᠨ᠎ᠡ ᠡ

ᠦᠢᠯᠡ ᠶ᠋ᠢᠨ ᠦᠷ᠎ᠡ ᠲᠡᠢ ᠬᠣᠷᠸ᠎ᠠ ᠴᠡᠯᠡᠢᠨ ᠴᠠᠯᠠᠢᠨ᠎ᠠ
ᠬᠦᠢ ᠶ᠋ᠢᠨ ᠵᠢᠮ᠎ᠡ ᠲᠡᠢ ᠠᠮᠢᠳᠤᠷᠠᠯ ᠨᠠᠮᠠᠶ᠋ᠢ ᠤᠭᠲᠤᠨ᠎ᠠ
ᠥᠭᠡᠳᠡ ᠪᠡᠨ ᠬᠥᠬᠡ ᠲᠩᠷᠢ ᠴᠡᠩᠬᠡᠷᠯᠡᠨ ᠴᠡᠯᠮᠡᠢᠨ᠎ᠡ
ᠡᠳᠦᠷ ᠦ᠋ᠨ ᠣᠳᠣ ᠬᠠᠷᠠᠭᠰᠠᠨ ᠰᠢᠦ ᠬᠦᠦ ᠨᠢ ᠵᠢᠷᠦᠬᠡ ᠢᠭᠲᠦᠯᠦᠨ᠎ᠡ ᠠ᠋

ᠠᠪᠤ ᠶ᠋ᠢ ᠪᠡᠨ ᠵᠡᠭᠦᠳᠦᠯᠡᠵᠦ ᠵᠢᠷᠭᠠᠬᠤ ᠪᠠᠷ ᠮᠥᠷᠥᠭᠡᠳᠦᠯ ᠳᠦᠭᠦᠷᠦᠨ᠎ᠡ
ᠠᠶᠠᠨ ᠬᠣᠯᠠ ᠶ᠋ᠢᠨ ᠬᠠᠷᠭᠤᠢ ᠳ᠋ᠤ᠌ ᠪᠣᠳᠣᠯ ᠥᠩᠭᠡᠰᠢᠨ᠎ᠡ
ᠠᠯᠤᠰ ᠲᠡᠷᠲᠡᠭᠡᠬᠢ ᠰᠤᠨᠤᠯᠵᠠᠭᠰᠠᠨ ᠵᠠᠮ ᠢ᠋ ᠰᠢᠷᠳᠡᠨ᠎ᠡ
ᠠᠪᠤ ᠪᠣᠯᠤᠭᠰᠠᠨ ᠬᠦᠦ ᠲᠠᠨᠢ ᠥᠬᠢᠨ ᠢ᠋ᠶ᠋ᠡᠨ ᠬᠦᠯᠢᠶᠡᠨ᠎ᠡ ᠠ᠋

ᠣᠷᠴᠢᠯᠠᠩ ᠳ᠋ᠤ᠌ ᠣᠯᠠᠨ ᠬᠥᠮᠦᠨ ᠲᠦᠷᠬᠢᠷᠡᠵᠦ ᠶᠠᠭᠠᠷᠠᠨ᠎ᠠ
ᠣᠭᠲᠠᠷᠭᠤᠢ ᠳ᠋ᠤ᠌ ᠣᠯᠠᠨ ᠣᠳᠣᠳ ᠵᠢᠭᠳᠡᠯᠡᠵᠦ ᠢᠷᠠᠢᠨ᠎ᠠ
ᠬᠠᠮᠢᠭ᠎ᠠ ᠨᠢᠭᠡᠲᠡᠭᠡ ᠡᠴᠡ ᠰᠡᠪᠬᠢᠲᠡᠯ᠎ᠡ ᠰᠠᠯᠬᠢ ᠢᠯᠪᠢᠨ᠎ᠡ
ᠬᠠᠢᠷᠠᠲᠠᠢ ᠪᠦᠬᠦᠨ ᠮᠢᠨᠦ ᠵᠢᠷᠦᠬᠡᠨ ᠳ᠋ᠦ᠍ ᠮᠥᠩᠬᠡᠷᠡᠨ᠎ᠡ ᠠ᠋᠃

            2020᠂ 01᠂ 04᠂
   ᠦᠰᠦᠭ ᠠᠮᠢᠯᠠᠭᠤᠯᠤᠭᠴᠢ᠄ ᠪᠠᠶᠠᠨᠰᠡᠷᠡᠩ
   ᠬᠢᠨᠠᠭᠴᠢ ᠪᠠᠭᠰᠢ᠄ ᠴᠢᠨᠳᠠᠮᠤᠨᠢ᠂ ᠭᠠᠷᠮ᠎ᠠ᠂ ᠣᠳᠬᠠᠨᠰᠣ᠎ᠠ