ᠤᠶᠠᠩᠭ᠎ᠠ ᠶ᠋ᠢᠨ ᠣᠷᠣᠨ ᠵᠠᠯᠠᠢᠳ ᠨᠤᠲᠤᠭ ᠮᠢᠨᠢ- ᠾᠧ ᠴᠠᠩ ᠴᠢᠩУянгын орон залайд нутаг минь-Ге цан чин
ᠤᠶᠠᠩᠭ᠎ᠠ ᠶ᠋ᠢᠨ ᠣᠷᠣᠨ ᠵᠠᠯᠠᠢᠳ ᠨᠤᠲᠤᠭ ᠮᠢᠨᠢ
ᠦᠭᠡ᠄ ᠾᠧ ᠴᠠᠩ ᠴᠢᠩ
ᠠᠶ᠎ᠠ ᠄ ᠾᠧ ᠴᠠᠩ ᠴᠢᠩ
ᠬᠥᠭᠵᠢᠮ᠄ ᠲᠤᠩᠭᠠᠯᠠᠭ
ᠳᠠᠭᠤᠴᠢᠨ᠄ ᠾᠧ ᠴᠠᠩ ᠴᠢᠩ
ᠠᠯᠲᠠᠨ ᠬᠢᠩᠭᠠᠨ ᠠ᠋ᠴᠠ ᠤᠨᠳᠤᠷᠤᠨ ᠮᠢᠷᠠᠯᠵᠠᠭᠰᠠᠨ
ᠷᠠᠰᠢᠶᠠᠨ ᠤᠮᠳᠠ ᠴᠤᠤᠯ ᠭᠣᠣᠯ ᠲᠠᠢ
ᠠᠶᠤᠤᠯᠢᠬᠠᠢ ᠵᠢᠷᠦᠬᠡᠨ ᠡᠴᠡ ᠠᠰᠢᠳᠠ ᠶ᠋ᠢᠨ ᠬᠣᠯᠪᠣᠭ᠎ᠠ ᠲᠠᠢ
ᠠᠮᠢᠨ ᠥᠯᠥᠭᠡᠢ ᠵᠠᠯᠠᠢᠳ ᠨᠤᠲᠤᠭ ᠮᠢᠨᠢ
ᠪᠤᠶᠠᠨᠲᠤ ᠨᠤᠲᠤᠭ ᠳᠤ ᠰᠡᠬᠦᠢᠨ ᠰᠦᠨᠳᠡᠷᠯᠡᠭᠰᠡᠨ
ᠪᠤᠷᠬᠠᠨ ᠰᠢᠲᠦᠭᠡᠨᠲᠦ ᠪᠣᠭᠳᠠ ᠠᠭᠤᠯᠠ ᠲᠠᠢ
ᠪᠤᠯᠭᠢᠯᠠᠬᠤ ᠵᠢᠷᠦᠬᠡᠨ ᠡᠴᠡ ᠪᠠᠲᠤ ᠤᠶᠠᠭ᠎ᠠ ᠲᠠᠢ
ᠪᠤᠮᠪᠠ ᠶ᠋ᠢᠨ ᠣᠷᠣᠨ ᠵᠠᠯᠠᠢᠳ ᠨᠤᠲᠤᠭ ᠮᠢᠨᠢ
ᠥᠨᠳᠥᠷ ᠲᠩᠷᠢ ᠡᠴᠡ ᠢᠪᠡᠭᠡᠯ ᠬᠠᠢᠷᠠᠯᠠᠭᠰᠠᠨ
ᠥᠨᠢᠷ ᠵᠢᠷᠭᠠᠯᠲᠤ ᠨᠤᠲᠤᠭ ᠶᠤᠮ ᠠ᠋ ᠬᠦ
ᠤᠬᠠᠭᠠᠨ ᠪᠣᠳᠣᠯ ᠳ᠋ᠤ᠌ ᠳᠠᠭᠤᠤ ᠰᠢᠭ᠋ ᠮᠥᠩᠬᠡᠷᠡᠭᠰᠡᠨ
ᠤᠶᠠᠩᠭ᠎ᠠ ᠶ᠋ᠢᠨ ᠣᠷᠣᠨ ᠵᠠᠯᠠᠢᠳ ᠨᠤᠲᠤᠭ ᠮᠢᠨᠢ
ᠥᠭᠡᠯᠦᠨ ᠡᠬᠡ ᠶ᠋ᠢᠨ ᠥᠯᠵᠡᠢᠲᠦ ᠲᠠᠬᠢᠯᠭ᠎ᠠ ᠨᠢ
ᠥᠷᠭᠡᠨ ᠲᠦᠮᠡᠨ ᠦ᠌ ᠬᠡᠢᠮᠣᠷᠢ ᠶ᠋ᠢ ᠳᠠᠯᠠᠯᠤᠭᠰᠠᠨ
ᠦᠯᠢᠭᠡᠷ ᠳᠠᠭᠤᠤ ᠪᠠᠨ ᠤᠯᠠᠮᠵᠢᠯᠠᠨ ᠤᠶᠠᠩᠭᠠᠯᠠᠭᠰᠠᠨ
ᠥᠨᠢᠳᠡ ᠶ᠋ᠢᠨ ᠰᠠᠢᠬᠠᠨ ᠵᠠᠯᠠᠢᠳ ᠨᠤᠲᠤᠭ ᠮᠢᠨᠢ
ᠥᠨᠳᠥᠷ ᠲᠩᠷᠢ ᠡᠴᠡ ᠢᠪᠡᠭᠡᠯ ᠬᠠᠢᠷᠠᠯᠠᠭᠰᠠᠨ
ᠥᠨᠢᠷ ᠵᠢᠷᠭᠠᠯᠲᠤ ᠨᠤᠲᠤᠭ ᠶᠤᠮ ᠠ᠋ ᠬᠦ
ᠤᠬᠠᠭᠠᠨ ᠪᠣᠳᠣᠯ ᠳ᠋ᠤ᠌ ᠳᠠᠭᠤᠤ ᠰᠢᠭ᠋ ᠮᠥᠩᠬᠡᠷᠡᠭᠰᠡᠨ
ᠤᠶᠠᠩᠭ᠎ᠠ ᠶ᠋ᠢᠨ ᠣᠷᠣᠨ ᠵᠠᠯᠠᠢᠳ ᠨᠤᠲᠤᠭ ᠮᠢᠨᠢ ᠬᠦ
ᠤᠬᠠᠭᠠᠨ ᠪᠣᠳᠣᠯ ᠳ᠋ᠤ᠌ ᠳᠠᠭᠤᠤ ᠰᠢᠭ᠋ ᠮᠥᠩᠬᠡᠷᠡᠭᠰᠡᠨ
ᠤᠶᠠᠩᠭ᠎ᠠ ᠶ᠋ᠢᠨ ᠣᠷᠣᠨ ᠵᠠᠯᠠᠢᠳ ᠨᠤᠲᠤᠭ ᠮᠢᠨᠢ
ᠦᠰᠦᠭ ᠬᠠᠳᠠᠭᠴᠢ᠄ ᠸᠠᠩ ᠴᠡᠩᠭᠡᠯ
ᠦᠰᠦᠭ ᠠᠮᠢᠯᠠᠭᠤᠯᠤᠭᠴᠢ᠄ ᠸᠠᠩ ᠴᠡᠩᠭᠡᠯ
ᠬᠢᠨᠠᠭᠴᠢ ᠪᠠᠭᠰᠢ᠄ ᠢᠷᠡᠭᠡᠳᠦᠢ
