ᠥᠨᠥᠴᠢᠨ ᠬᠠᠢᠯᠠᠰᠤᠨ ᠤ᠋ ᠪᠠᠷ᠎ᠠ-ᠲᠠᠩᠭᠤᠳ ᠫ᠂ ᠭᠡᠷᠡᠯᠲᠤᠶᠠᠭ᠎ᠠӨнчин хайлаасны бараа-Тангад П,Гэрэлтуяа
ᠲᠠᠩᠭᠤᠳ ᠫ᠂ ᠭᠡᠷᠡᠯᠲᠤᠶᠠᠭ᠎ᠠ
ᠵᠠᠭᠤᠨ ᠵᠠᠭᠤᠨ ᠢ᠋ ᠲᠤᠭᠤᠯᠵᠤ
ᠭᠠᠵᠠᠷ ᠤ᠋ᠨ ᠡᠯᠢᠭᠡᠨ ᠳ᠋ᠦ᠍ ᠠᠮᠢᠵᠢᠷᠠᠨᠠ
ᠵᠢᠷᠤᠮ ᠤ᠋ᠨ ᠬᠢ
ᠵᠤᠯᠵᠠᠭᠠᠨ ᠨᠠᠰᠤ ᠨᠢ ᠡᠯᠳᠡᠵᠦ
ᠭᠠᠷ ᠤ᠋ᠨ ᠠᠯᠠᠭ᠎ᠠ ᠰᠢᠭ᠋ ᠰᠠᠷᠪᠠᠢᠨ᠎ᠠ
ᠵᠣᠷᠢᠭ ᠤ᠋ᠨ ᠬᠢ
ᠨᠡᠭᠦᠳᠡᠯ ᠠᠶᠠᠨ ᠨᠢ ᠠᠯᠤᠰᠷᠠᠵᠤ
ᠲᠩᠷᠢ ᠶ᠋ᠢᠨ ᠬᠠᠶᠠᠭ᠎ᠠ ᠬᠠᠷᠠᠭᠤᠯᠳᠠᠨ᠎ᠠ
ᠵᠢᠷᠤᠭ ᠤ᠋ᠨ ᠬᠢ
ᠨᠢᠭᠦᠯ ᠪᠤᠶᠠᠨ ᠢ᠋ ᠳᠡᠭᠡᠰᠦᠯᠡᠵᠦ
ᠨᠢᠳᠦ ᠪᠡᠨ ᠠᠨᠢᠨ ᠨᠠᠮᠠᠨᠴᠢᠯᠠᠨ᠎ᠠ
ᠪᠤᠷᠬᠠᠨ ᠤ᠋ ᠬᠢ
ᠳᠡᠭᠡᠳᠦᠰ ᠡᠪᠦᠭᠡ ᠶ᠋ᠢᠨ ᠳᠥᠷᠥᠯᠡᠵᠦ
ᠳᠠᠶᠠᠩ ᠤ᠋ᠨ ᠦᠯᠢᠭᠡᠷ ᠬᠦᠦᠷᠨᠢᠨ᠎ᠡ
ᠪᠣᠳᠣᠯ ᠤ᠋ᠨ ᠬᠢ
ᠳᠠᠷᠭᠢᠯᠤᠭᠰᠠᠨ ᠴᠠᠢ ᠤᠭᠤᠷᠯᠠᠵᠦ
ᠡᠮᠡᠭᠡ ᠶ᠋ᠢᠨ ᠭᠡᠵᠢᠭᠡ ᠰᠡᠭᠰᠡᠭᠡᠢᠯᠭᠡᠨᠠ
ᠮᠥᠷᠥᠭᠡᠳᠦᠯ ᠦ᠋ᠨ ᠬᠢ
ᠭᠡᠭᠡᠭᠰᠡᠨ ᠲᠣᠭᠯᠠᠭᠠᠮ ᠢ᠋ ᠨᠢᠭᠤᠵᠤ
ᠭᠡᠮ ᠦᠭᠡᠢ ᠨᠠᠮ᠎ᠠ ᠶ᠋ᠢ ᠬᠠᠭᠤᠷᠠᠨᠠ
ᠳᠣᠮᠣᠭ ᠤ᠋ᠨ ᠬᠢ
ᠭᠡᠷᠡᠯ ᠰᠡᠭᠦᠳᠡᠷ ᠢ᠋ ᠠᠷᠭᠠᠳᠠᠵᠤ
ᠭᠡᠮᠲᠦ ᠣᠷᠴᠢᠯᠠᠩ ᠢ᠋ ᠬᠠᠯᠢᠶᠠᠨᠠ
ᠣᠮᠣᠭ ᠤ᠋ᠨ ᠬᠢ
ᠥᠨᠥᠴᠢᠨ ᠪᠠᠢᠬᠤ ᠳ᠋ᠠᠭᠠᠨ
ᠶᠠᠭᠠᠬᠢᠭᠰᠠᠨ ᠶᠤᠮ
ᠥᠪᠡᠷ ᠦ᠋ᠨ ᠵᠢᠮ᠎ᠡ ᠪᠡᠷ ᠢ᠋ᠶ᠋ᠡᠨ
ᠥᠴᠥᠭᠡᠳᠦᠷ ᠥᠨᠥᠳᠥᠷ ᠢ᠋ ᠳᠠᠮᠨᠠᠵᠤ
ᠮᠠᠷᠭᠠᠰᠢ ᠶ᠋ᠢᠨ ᠬᠦᠰᠡᠯ ᠨᠢ ᠨᠠᠬᠢᠶᠠᠯᠠᠨ᠎ᠠ
ᠮᠥᠩᠬᠡ ᠶ᠋ᠢᠨ ᠬᠢ
ᠭᠣᠪᠢ ᠴᠢᠯᠠᠭᠤᠲᠤ ᠳ᠋ᠤ᠌
2923᠂09᠂19
ᠦᠰᠦᠭ ᠠᠮᠢᠯᠠᠭᠤᠯᠤᠭᠰᠠᠨ ᠨᠢ᠄ ᠳᠡᠯᠭᠡᠷᠴᠡᠴᠡᠭ
ᠬᠢᠨᠠᠭᠴᠢ᠄ ᠭᠠᠷᠮ᠎ᠠ
