ᠡᠷᠬᠡ ᠶ᠋ᠢ ᠰᠤᠷᠬᠤ ᠪᠠᠷ ᠪᠡᠷᠬᠡ ᠶ᠋ᠢ ᠰᠤᠷЭрхийг сурахаар бэрхийг сур
《ᠡᠷᠬᠡ ᠶ᠋ᠢ ᠰᠤᠷᠬᠤ ᠪᠠᠷ
ᠪᠡᠷᠬᠡ ᠶ᠋ᠢ ᠰᠤᠷ!》
ᠡᠷᠲᠡᠨ ᠦ᠌ ᠮᠡᠷᠭᠡᠳ ᠦ᠋ᠨ
ᠰᠤᠷᠭᠠᠯ ᠰᠢᠦ!
ᠡᠴᠢᠭᠡ ᠡᠬᠡ ᠶ᠋ᠢᠨ
ᠰᠡᠳᠬᠢᠯ
ᠡᠨᠡᠷᠢᠯ ᠬᠠᠢᠷ᠎ᠠ ᠶ᠋ᠢᠨ
ᠰᠣᠪᠢᠯ ᠰᠢᠦ!
ᠡᠩᠬᠦᠷᠡᠢ ᠬᠠᠢᠷᠠᠲᠠᠢ
ᠳᠡᠭᠦᠦ ᠨᠠᠷ ᠮᠢᠨᠢ
ᠡᠷᠭᠢᠴᠡᠭᠦᠯᠵᠦ ᠪᠣᠳᠣᠵᠤ
ᠦᠵᠡᠭᠰᠡᠨ ᠤᠤ?
ᠡᠷᠬᠡ᠂ ᠪᠡᠷᠬᠡ
ᠬᠣᠶᠠᠷ ᠢ᠋
ᠡᠪᠲᠡᠢ ᠵᠦᠢᠲᠡᠢ
ᠣᠢᠯᠠᠭᠠᠭᠰᠠᠨ ᠤᠤ?
ᠪᠡᠷᠬᠡ ᠭᠡᠳᠡᠭ
ᠦᠭᠡ ᠶ᠋ᠢᠨ
ᠪᠢᠲᠡᠭᠦᠦ ᠠᠭᠤᠯᠭ᠎ᠠ ᠶ᠋ᠢ
ᠮᠡᠳᠡᠭᠰᠡᠨ ᠤᠤ?
ᠪᠢᠴᠢᠬᠠᠨ ᠵᠢᠭᠠᠬᠠᠨ
ᠲᠠᠷᠢᠬᠢᠨ ᠳ᠋ᠠᠭᠠᠨ
ᠪᠢᠰᠢᠯᠭᠠᠵᠤ ᠪᠣᠳᠣᠵᠤ
ᠰᠡᠳᠬᠢᠭᠰᠡᠨ ᠤᠤ?
ᠡᠷᠬᠡ ᠭᠡᠳᠡᠭ
ᠦᠭᠡ ᠶ᠋ᠢᠨ
ᠡᠮᠵᠡᠭ ᠳᠤᠲᠠᠭᠳᠠᠯ ᠢ᠋
ᠲᠠᠨᠢᠭᠰᠠᠨ ᠤᠤ?
ᠡᠷᠡᠭᠦᠯ ᠰᠠᠢᠬᠠᠨ ᠢ᠋ᠶ᠋ᠠᠷ
ᠬᠥᠮᠦᠵᠢᠬᠦ ᠶ᠋ᠢᠨ
ᠡᠷᠬᠢᠮ ᠴᠢᠨᠠᠷ ᠢ᠋
ᠲᠤᠩᠭᠠᠭᠰᠠᠨ ᠤᠤ?
ᠪᠡᠷᠬᠡ ᠡᠷᠬᠡ
ᠬᠣᠶᠠᠷ ᠤ᠋ᠨ
ᠪᠦᠬᠦ ᠤᠳᠬ᠎ᠠ ᠶ᠋ᠢ
ᠬᠤᠷᠢᠶᠠᠩᠭᠤᠢᠯᠠᠵᠤ
ᠪᠡᠶ᠎ᠡ᠂ ᠰᠤᠷᠤᠯᠭ᠎ᠠ
ᠮᠣᠷᠠᠯ ᠵᠡᠷᠭᠡ
ᠪᠦᠬᠦ ᠲᠠᠯ᠎ᠠ ᠪᠠᠷ
ᠬᠥᠮᠦᠵᠢᠬᠦ ᠨᠢ
ᠮᠠᠨᠳᠠᠭᠠᠷ ᠬᠥᠭᠡᠷᠦᠬᠦᠨ
ᠳᠡᠭᠦᠦ ᠨᠠᠷ ᠤ᠋ᠨ ᠮᠢᠨᠢ
ᠮᠠᠷᠲᠠᠵᠤ ᠪᠣᠯᠣᠰᠢ ᠦᠭᠡᠢ
ᠶᠣᠰᠣ ᠰᠢᠦ!
ᠮᠠᠭᠠᠳ ᠡᠭᠦᠨ ᠢ᠋ᠶ᠋ᠡᠨ
ᠪᠡᠶᠡᠯᠡᠭᠦᠯᠬᠦ ᠪᠡᠷ
ᠮᠠᠬᠠᠷᠠᠵᠤ ᠶᠠᠪᠤᠬᠤ ᠨᠢ
ᠴᠢᠬᠤᠯᠠ ᠰᠢᠦ!
ᠪᠤᠯᠪᠠᠷᠠᠢ ᠨᠢᠯᠬ᠎ᠠ
ᠪᠡᠶ᠎ᠡ ᠪᠡᠨ
ᠪᠣᠯᠪᠠᠰᠤᠷᠠᠭᠤᠯᠵᠤ ᠰᠠᠢᠨ
ᠴᠢᠭᠢᠷᠠᠭᠵᠢᠭᠤᠯᠵᠤ
ᠪᠣᠯᠪᠠᠰᠤᠨ ᠵᠠᠩ
ᠮᠣᠷᠠᠯ ᠢ᠋
ᠪᠤᠰᠤᠳ ᠠ᠋ᠴᠠ ᠢᠯᠡᠭᠦᠬᠡᠨ
ᠰᠤᠷᠴᠤ
ᠡᠷᠳᠡᠮ ᠮᠡᠳᠡᠯᠭᠡ ᠳ᠋ᠦ᠍
ᠨᠡᠪᠲᠡᠷᠡᠬᠦ ᠪᠡᠷ
ᠡᠬᠢᠨ ᠡᠴᠡ ᠰᠠᠢᠲᠤᠷ
ᠴᠢᠷᠮᠠᠢᠭᠠᠷᠠᠢ!
ᠡᠷᠳᠡᠮ ᠴᠢᠳᠠᠪᠤᠷᠢ
ᠬᠣᠣᠰᠯᠠᠭᠰᠠᠨ
ᠡᠷᠡᠯᠬᠡᠭ ᠪᠦᠷᠭᠦᠳ
ᠪᠣᠯᠤᠭᠠᠷᠠᠢ!
ᠡᠬᠡ ᠣᠷᠣᠨ ᠤ᠋ ᠪᠠᠨ
ᠠᠭᠠᠷ ᠲᠤ
ᠡᠷᠬᠡ ᠳᠤᠷ᠎ᠠ ᠪᠠᠷ ᠢ᠋ᠶ᠋ᠠᠨ
ᠳᠡᠭᠦᠯᠢᠭᠡᠷᠡᠢ!
ᠦᠰᠦᠭ ᠠᠮᠢᠯᠠᠭᠤᠯᠤᠭᠴᠢ᠄ ᠤᠳᠬᠠᠨᠰᠣ᠎ᠠ
ᠬᠢᠨᠠᠭᠴᠢ᠄ ᠣᠳᠬᠠᠨᠰᠣ᠎ᠠ
※ᠢᠷᠡᠯᠲᠡ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ ᠤᠩᠰᠢᠬᠤ ᠪᠢᠴᠢᠭ
ᠵᠢᠷᠭᠤᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ᠃ ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ᠃ 1992 ᠣᠨ ᠤ᠋10 ᠳ᠋ᠤᠭᠠᠷ ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ᠃
1994 ᠣᠨ ᠤ᠋11 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
