ᠵᠡᠭᠦᠳᠦᠨ ᠴᠡᠩᠬᠡᠷ ᠨᠤᠲᠤᠭ-ᠤᠷᠢᠬᠠᠨ Зүүдэн цэнхэр нутаг-Урьхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠴᠡᠩᠬᠡᠷ ᠨᠤᠲᠤᠭ-ᠤᠷᠢᠬᠠᠨ Зүүдэн цэнхэр нутаг-Урьхан

ᠵᠡᠭᠦᠳᠦᠨ ᠴᠡᠩᠬᠡᠷ ᠨᠤᠲᠤᠭ-ᠤᠷᠢᠬᠠᠨ Зүүдэн цэнхэр нутаг-Урьхан

ᠠᠩᠭᠢᠯᠠᠯ:ᠳᠠᠭᠤᠤ ᠬᠥᠭᠵᠢᠮ
2024-07-31

5211

ᠵᠡᠭᠦᠳᠦᠨ ᠴᠡᠩᠬᠡᠷ ᠨᠤᠲᠤᠭ

   ᠦᠭᠡ᠄ ᠷᠠ᠊᠂ ᠴᠢᠯᠠᠭᠤ   
   ᠠᠶ᠎ᠠ᠄ ᠦ᠂ ᠱᠠᠭᠳᠠᠷ   
   ᠳᠠᠭᠤᠴᠢᠨ᠄ ᠤᠷᠢᠬᠠᠨ   
ᠨᠠᠯᠠᠭᠠᠷᠬᠠᠨ ᠨᠠᠮᠤᠷ ᠤ᠋ᠨ ᠬᠣᠩᠭᠣᠷ ᠰᠠᠯᠬᠢᠨ ᠳ᠋ᠤ᠌   
ᠨᠠᠪᠴᠢᠰ ᠰᠢᠷᠠᠯᠠᠩᠬᠠᠨ ᠬᠢᠷᠠᠭᠤ ᠴᠡᠪᠴᠡᠢᠬᠦ ᠳ᠋ᠦ᠍   
ᠨᠠᠯᠠᠵᠤ ᠨᠠᠮ᠎ᠠ ᠶ᠋ᠢ ᠪᠡᠨ ᠦᠨᠦᠰᠦᠨ ᠮᠣᠷᠳᠠᠭᠤᠯᠤᠭᠰᠠᠨ   
ᠨᠠᠰᠤᠨ ᠥᠨᠳᠥᠷ ᠡᠵᠢ ᠮᠢᠨᠢ ᠪᠣᠳᠣᠭᠳᠠᠬᠤ ᠶᠤᠮ   
ᠨᠠᠯᠠᠵᠤ ᠨᠠᠮ᠎ᠠ ᠶ᠋ᠢ ᠪᠡᠨ ᠦᠨᠦᠰᠦᠨ ᠮᠣᠷᠳᠠᠭᠤᠯᠤᠭᠰᠠᠨ   
ᠨᠠᠰᠤᠨ ᠥᠨᠳᠥᠷ ᠡᠵᠢ ᠮᠢᠨᠢ ᠪᠣᠳᠣᠭᠳᠠᠬᠤ ᠶᠤᠮ   

ᠬᠠᠲᠠᠭᠤᠬᠠᠨ ᠬᠣᠷᠸ᠎ᠠ ᠳ᠋ᠤ᠌ ᠤᠬᠢᠯᠠᠭᠠᠳ ᠢᠷᠡᠬᠦ ᠳ᠋ᠦ᠍ ᠮᠢᠨᠢ
ᠬᠠᠢᠯᠠᠨ ᠤᠶᠠᠷᠠᠩᠬᠠᠨ ᠪᠦᠪᠡᠢᠯᠡᠨ ᠲᠡᠪᠡᠷᠢᠭᠰᠡᠨ
ᠬᠠᠨᠢ ᠶ᠋ᠢᠨ ᠵᠠᠶᠠᠭᠠᠨ ᠳ᠋ᠤ᠌ ᠲᠠᠪᠢᠯᠠᠩ ᠮᠥᠩᠬᠡᠷᠡᠬᠦ ᠳ᠋ᠦ᠍
ᠬᠠᠢᠷ᠎ᠠ ᠶ᠋ᠢᠨ ᠰᠠᠴᠤᠯᠢ ᠪᠠᠨ ᠡᠷᠭᠦᠨ ᠵᠠᠯᠪᠠᠷᠢᠨ᠎ᠠ
ᠬᠠᠨᠢ ᠶ᠋ᠢᠨ ᠵᠠᠶᠠᠭᠠᠨ ᠳ᠋ᠤ᠌ ᠲᠠᠪᠢᠯᠠᠩ ᠮᠥᠩᠬᠡᠷᠡᠬᠦ ᠳ᠋ᠦ᠍
ᠬᠠᠢᠷ᠎ᠠ ᠶ᠋ᠢᠨ ᠰᠠᠴᠤᠯᠢ ᠪᠠᠨ ᠡᠷᠭᠦᠨ ᠵᠠᠯᠪᠠᠷᠢᠨ᠎ᠠ

ᠠᠯᠳᠠᠩᠬᠠᠨ ᠬᠠᠢᠷᠬᠠᠨ ᠤ᠋ ᠰᠦᠨᠳᠡᠷᠯᠡᠬᠦ ᠪᠠᠷ᠎ᠠ ᠨᠢ
ᠠᠳᠤᠭᠤᠴᠢᠨ ᠠᠪᠤ ᠶ᠋ᠢᠨ ᠮᠢᠨᠢ ᠬᠠᠩᠬᠠᠢᠬᠤ ᠳᠦᠷᠢ ᠰᠢᠭ
ᠠᠶᠠᠨ ᠤ᠋ ᠰᠢᠪᠠᠭᠤᠳ ᠤ᠋ᠨ ᠭᠠᠩᠭᠠᠨᠠᠬᠤ ᠴᠢᠮᠡᠭᠡ ᠪᠡᠷ
ᠠᠯᠤᠰ ᠢ᠋ ᠪᠠᠷᠠᠯᠠᠬᠤ ᠡᠵᠢ ᠮᠢᠨᠢ ᠬᠥᠭᠡᠷᠦᠬᠦᠢ
ᠠᠶᠠᠨ ᠤ᠋ ᠰᠢᠪᠠᠭᠤᠳ ᠤ᠋ᠨ ᠭᠠᠩᠭᠠᠨᠠᠬᠤ ᠴᠢᠮᠡᠭᠡ ᠪᠡᠷ
ᠠᠯᠤᠰ ᠢ᠋ ᠪᠠᠷᠠᠯᠠᠬᠤ ᠡᠵᠢ ᠮᠢᠨᠢ ᠬᠥᠭᠡᠷᠦᠬᠦᠢ
ᠠᠯᠤᠰ ᠢ᠋ ᠪᠠᠷᠠᠯᠠᠬᠤ ᠡᠵᠢ ᠮᠢᠨᠢ ᠬᠥᠭᠡᠷᠦᠬᠦᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ ᠪᠠᠭᠰᠢ᠄ ᠣᠳᠬᠠᠨᠰᠸ᠎ᠠ