ᠲᠡᠮᠦᠵᠢᠨ ᠦ ᠳᠡᠭᠳᠡᠭᠡᠬᠡᠢ ᠳᠡᠭᠵᠢᠨ ᠬᠡᠦᠬᠡᠳ ᠤᠳ– ᠶᠣᠨᠳᠣᠨ ᠤ ᠪᠢᠯᠢᠭ᠌ - ᠪᠠᠭᠠᠲᠤᠷ Тэмүжиний дэгдээхий дэгжин хүүхдүүд – Ёндоны Билиг - Баатар
ᠲᠡᠮᠦᠵᠢᠨ ᠦ᠌ ᠳᠡᠭᠳᠡᠭᠡᠬᠡᠢ ᠬᠡᠦᠬᠡᠳ ᠦ᠋ᠳ
ᠲᠡᠷᠡ ᠴᠢᠭ ᠢ᠋ᠶ᠋ᠡᠷ ᠢ᠋ᠶ᠋ᠡᠨ ᠯᠡ ᠶᠣᠰᠣᠲᠠᠢ ᠴᠤ᠌
ᠲᠡᠮᠦᠵᠢᠨ ᠥᠨᠳᠥᠷ ᠡᠪᠦᠭᠡ ᠲᠡᠢ ᠪᠡᠨ
ᠳᠡᠩᠳᠡᠭᠦᠦ ᠳᠡᠩᠳᠡᠭᠦᠦ ᠭᠡᠮᠡᠷ ᠱᠠᠯ ᠠᠳᠠᠯᠢᠬᠠᠨ
ᠲᠡᠳᠡᠨᠦᠰ ᠦ᠋ᠨ ᠳᠤᠮᠳᠠ ᠁
ᠲᠤᠯᠤᠢ ᠨᠣᠶᠠᠨ ᠲᠠᠢ ᠬᠤᠪᠢᠯᠠᠢ ᠰᠡᠴᠡᠨ ᠲᠡᠢ
ᠳ᠋ᠠᠢ ᠰᠡᠴᠡᠨ ᠲᠡᠢ
ᠯᠢᠭᠳᠡᠨ ᠬᠤᠲᠤᠭᠲᠤ ᠬᠠᠭᠠᠨ ᠲᠠᠢ
ᠠᠯᠤᠩᠭᠤᠸ᠎ᠠ ᠡᠬᠡ᠂ ᠥᠭᠡᠯᠦᠨ ᠡᠬᠡ
ᠪᠥᠷᠲᠡ ᠦᠵᠢᠨ ᠲᠡᠢ
ᠮᠠᠨᠳᠤᠬᠠᠢ ᠰᠡᠴᠡᠨ ᠬᠠᠲᠤᠨ ᠲᠠᠢ
᠁ ᠁ ᠁
ᠡᠭᠡᠭᠡ ᠯᠡ ᠠᠪ ᠠᠳᠠᠯᠢᠬᠠᠨ
ᠨᠢᠭᠡ ᠯᠡ
ᠬᠡᠪ ᠦ᠋ᠨ ᠬᠤᠷᠤᠳ ᠰᠢᠭ᠋
ᠬᠡᠦᠬᠡᠳ ᠦ᠋ᠳ ᠪᠠᠢᠬᠤ ᠯᠠ ᠪᠤᠶᠠᠨ ᠡ
ᠲᠡᠳᠡᠨᠦᠰ ᠦ᠋ᠨ ᠢᠶᠡᠨ ᠳᠤᠮᠳᠠ ᠠ᠋ᠴᠠ ᠨᠢ
ᠪᠤᠯᠪᠠᠷᠠᠢ ᠭᠡᠭᠴᠢ ᠶ᠋ᠢᠨ ᠭᠡᠨᠡᠲᠡᠢ ᠬᠥᠭᠡᠷᠦᠬᠦᠨ
ᠪᠤᠮᠠᠨ ᠬᠡᠮᠡᠬᠦᠢ ᠨᠡᠷ᠎ᠡ ᠲᠡᠢ ᠪᠢᠴᠢᠬᠠᠨ ᠥᠬᠢᠨ
ᠲᠦᠮᠡᠨ ᠦ᠌ ᠠᠩᠬᠠᠷᠤᠯ ᠢ᠋ ᠣᠨᠴᠠᠭᠠᠢ ᠲᠠᠲᠠᠨ᠎ᠠ
ᠲᠡᠭᠦᠨ ᠦ᠌ ᠴᠡᠪᠡᠷ ᠢᠴᠢᠮᠡᠲᠡᠭᠡᠢ ᠨᠢ ᠶᠠᠭ ᠯᠠ
ᠲᠡᠭᠷᠢ ᠶ᠋ᠢᠨ ᠡᠷᠬᠡ ᠲᠠᠩᠬᠢᠯ ᠳᠠᠭᠢᠨᠢ ᠠᠳᠠᠯᠢ
ᠲᠡᠷᠡ ᠳᠣᠳᠣᠮ ᠢ᠋ᠶ᠋ᠠᠨ ᠢᠩᠲᠣᠣᠷ ᠤᠷᠤᠭᠤᠯ ᠢ᠋
ᠰᠠᠪᠬᠠᠨ ᠴᠠᠭᠠᠨ ᠬᠤᠷᠤᠭᠤ ᠪᠠᠷ ᠢ᠋ᠶ᠋ᠠᠨ ᠳᠠᠷᠤᠵᠤ
ᠤᠰᠤᠨ ᠪᠣᠯᠣᠷ ᠨᠢᠳᠦ ᠪᠡᠷ ᠢ᠋ᠶ᠋ᠡᠨ
ᠠᠯᠢᠶ᠎ᠠ ᠡᠷᠪᠡᠬᠡᠢ ᠰᠢᠭ ᠮᠢᠰᠢᠶᠡᠬᠦ ᠨᠢ
ᠠᠯᠤᠩᠭᠤᠸ᠎ᠠ ᠡᠵᠢ ᠶ᠋ᠢᠨ ᠪᠦᠷᠢᠯᠸ᠎ᠠ ᠭᠡᠮᠡᠷ
ᠠᠯᠲᠠᠨ ᠰᠢᠷᠭᠠᠯ ᠴᠡᠴᠡᠭᠡᠰ ᠦ᠋ᠨ ᠵᠠᠬ᠎ᠠ ᠪᠠᠷ
ᠠᠯᠢᠶᠠᠷᠠᠩᠬᠠᠨ ᠮᠥᠷᠥᠯᠡᠩᠭᠡᠨ ᠲᠣᠭᠯᠠᠬᠤᠢ –
ᠠᠯᠠᠭ ᠨᠢᠳᠦᠨ ᠦ᠌ ᠮᠢᠨᠢ ᠨᠢᠯᠪᠤᠰᠤᠨ
ᠠᠷᠴᠢᠵᠤ ᠠᠮᠵᠢᠯ ᠦᠭᠡᠢ ᠠᠰᠬᠠᠷᠠᠩᠬᠠᠨ
ᠠᠷᠭ᠎ᠠ ᠦᠭᠡᠢ ᠯᠡ ᠪᠥᠮᠪᠥᠷᠢᠮᠡᠷᠬᠡᠨ
ᠠᠭᠠᠷ ᠠ᠋ᠴᠠ ᠠᠷᠢᠭᠤᠬᠠᠨ ᠳᠡᠭᠳᠡᠭᠡᠬᠡᠢ ᠨᠠᠷ
ᠠᠢᠮᠠᠭ ᠦᠨᠳᠦᠰᠦᠲᠡᠨ ᠦ᠌ ᠮᠢᠨᠢ ᠴᠣᠮᠣᠷᠯᠢᠭ!
ᠠᠮᠢᠳᠤ ᠶᠠᠪᠤᠭ᠎ᠠ ᠶ᠋ᠢᠨ ᠮᠢᠨᠢ ᠯᠡ
ᠠᠯᠢ ᠭᠠᠭᠴᠠᠬᠠᠨ ᠯᠠ ᠯᠤᠲᠤ ᠵᠣᠷᠢᠯᠭ᠎ᠠ –
ᠠᠮᠢᠳᠤ ᠬᠠᠯᠠᠭᠤᠨ ᠵᠢᠩᠬᠢᠨᠢ ᠶ᠋ᠢᠨ ᠡᠷᠳᠡᠨᠢᠰ !
ᠠᠭᠤᠤ ᠡᠵᠡᠨ ᠴᠢᠩᠭᠢᠰ ᠪᠣᠭᠳᠠ –
ᠲᠡᠮᠦᠵᠢᠨ ᠪᠠᠭᠠᠲᠤᠷ ᠤ᠋ᠨ ᠮᠢᠨᠢ
ᠳᠡᠭᠳᠡᠭᠡᠬᠡᠢ ᠬᠡᠦᠬᠡᠳ ᠦ᠋ᠳ
ᠠᠷᠢᠶᠠᠪᠠᠯᠤ ᠪᠤᠷᠬᠠᠨ ᠤ᠋ ᠲᠤᠩᠭᠠᠯᠠᠭ ᠮᠡᠯᠮᠡᠢ ᠳ᠋ᠦ᠍
ᠠᠶ᠎ᠠ ᠬᠣᠬᠣᠢ ᠠ᠋᠂ ᠶᠠᠭᠤᠲᠠᠢ ᠵᠢᠷᠭᠠᠯᠠᠩ!
ᠠᠶ᠎ᠠ ᠬᠣᠬᠣᠢ ᠠ᠋᠂ ᠶᠠᠭᠤᠲᠠᠢ ᠪᠣᠯᠪᠠᠰᠤᠨ
᠁ ᠦᠯᠢᠳᠬᠡᠰᠢ ᠦᠭᠡᠢ ᠭᠣᠶᠣᠬᠠᠨ!
᠁ ᠦᠨᠡᠬᠡᠷ ᠢ᠋ᠶ᠋ᠡᠨ ᠳᠠᠩᠴᠤ ᠭᠠᠢᠬᠠᠮᠰᠢᠭ᠌ᠲᠠᠢ
᠁ ᠁ ᠁
ᠠᠰᠬ᠎ᠠ ᠬᠠᠯᠢᠯ ᠠ᠋ᠴᠠ ᠰᠢᠭᠤᠳ ᠦᠰᠦᠷᠦᠮᠡᠷ
ᠠᠯᠲᠠᠨ ᠨᠠᠷᠠ ᠶ᠋ᠢ ᠰᠢᠭᠤᠳ ᠲᠡᠪᠡᠷᠢᠮᠡᠷᠬᠡᠨ !
ᠠᠢᠬᠤᠪᠲᠤᠷ ᠬᠡᠴᠡᠭᠦᠦ ᠳᠣᠭᠳᠣᠯᠤᠭᠠᠳ ᠯᠠ
ᠠᠪᠤᠭᠰᠠᠨ ᠪᠠᠷᠢᠭ᠌ᠰᠠᠨ ᠢ᠋ᠶ᠋ᠠᠨ ᠴᠤ᠌
ᠠᠯᠳᠠᠭᠠᠳ ᠮᠠᠷᠲᠠᠭᠠᠳ ᠭᠣᠷᠢ ᠦᠭᠡᠢ ᠠ᠋
ᠠᠯᠤᠰ ᠬᠣᠯᠠ ᠶ᠋ᠢᠨ ᠲᠡᠷᠲᠡᠭᠡᠬᠢ
ᠠᠯᠳᠠᠷᠲᠤ ᠰᠢᠯᠢ ᠶ᠋ᠢᠨ ᠬᠣᠲᠠᠨ᠎ᠠ ᠲᠣᠭᠯᠠᠭ᠎ᠠ
ᠠᠴᠢ ᠣᠮᠪᠣᠯ ᠢ᠋ᠶ᠋ᠠᠨ ᠪᠦᠷ ᠴᠦ᠍
ᠠᠮᠢ ᠦᠭᠡᠢ ᠰᠠᠨᠠᠭᠠᠳ ᠭᠣᠷᠢ ᠦᠭᠡᠢ ᠠ᠋
ᠡᠪᠦᠭᠡ ᠪᠣᠯᠤᠭᠰᠠᠨ ᠪᠢ ᠪᠡᠷ ᠁
ᠠᠪᠤ ᠨᠢ ᠥᠨᠥᠳᠥᠷ ᠪᠠᠰᠠ ᠯᠠ
ᠠᠯᠲᠠᠨ ᠬᠢᠩᠭᠠᠨ ᠢ᠋ ᠵᠣᠷᠢᠭᠠᠳ ᠯᠠ
ᠠᠶᠠᠨ ᠤ᠋ ᠨᠢᠰᠬᠡᠯ ᠳᠡᠭᠡᠷ᠎ᠡ ᠠᠵᠢᠯᠯᠠᠭᠠᠳ
᠁
ᠠᠮᠢᠳᠤᠷᠠᠯ ᠲᠡᠮᠡᠴᠡᠯ ᠶᠠᠭᠤᠲᠠᠢ ᠶᠠᠭᠠᠷᠠᠤ ᠁
ᠶᠠᠭᠠᠬᠢᠬᠤᠪ ᠳᠧ ᠠ᠋ ᠶᠠᠭᠠᠷᠠᠬᠤ ᠰᠠᠢᠬᠠᠨ !
ᠠᠮᠢᠳᠤᠷᠠᠬᠤ ᠶᠢᠨ ᠲᠥᠯᠥᠭᠡᠨ ᠦ᠌ ᠤᠷᠤᠰᠬᠠᠯ
ᠦᠷ᠎ᠡ ᠬᠣᠢᠴᠢᠰ ᠤ᠋ᠨ ᠢ᠋ᠶ᠋ᠠᠨ ᠯᠠ᠁
ᠥᠨᠢ ᠵᠢᠷᠭᠠᠯ ᠠᠮᠤᠭᠤᠯᠠᠩ ᠪᠠᠶᠠᠰᠬᠤᠯᠠᠩ ᠤ᠋ᠨ
ᠠᠰᠢᠳᠠ ᠠᠰᠢᠳᠠ ᠶ᠋ᠢᠨ
ᠬᠠᠢᠷ᠎ᠠ ᠬᠠᠢᠷ᠎ᠠ ᠶ᠋ᠢᠨ ᠯᠡ ᠲᠥᠯᠥᠭᠡ !
᠁
ᠢᠯᠡᠢ ᠬᠠᠯᠠᠭ ᠠ᠋ ᠠᠷᠠᠢ ᠯᠠ ᠮᠠᠷᠲᠠᠴᠢᠬᠠᠯ᠎ᠠ
ᠠᠮᠢᠨ ᠬᠠᠢᠷᠠᠲᠠᠢ ᠥᠨᠥ ᠯᠡ
ᠠᠯᠲᠠᠨ ᠭᠥᠯᠥᠭᠡ ᠬᠠᠨᠢ ᠪᠠᠨ ᠁
ᠦᠶ᠎ᠡ ᠬᠤᠷᠠᠭ ᠤ᠋ᠨ ᠡᠳᠡᠨᠥᠰ ᠢ᠋ᠶ᠋ᠡᠨ ᠯᠡ
ᠡᠭᠳᠡᠭᠦᠲᠡᠢ ᠬᠥᠭᠡᠷᠦᠬᠦᠨ ᠳᠡᠯᠪᠡ ᠪᠠᠬᠠᠷᠬᠠᠨ
ᠥᠭᠡᠳᠡ ᠡᠴᠡ ᠨᠢ ᠤᠭᠲᠤᠭᠠᠳ ᠯᠠ
ᠥᠨᠳᠥᠷ ᠲᠡᠭᠷᠢ ᠶ᠋ᠢᠨ ᠴᠡᠭᠡᠯ ᠳ᠋ᠦ᠍ ᠲᠤᠯᠤᠮᠠᠷ
ᠦᠰᠦᠷᠦᠩᠬᠡᠨ ᠪᠠᠶᠠᠷᠯᠠᠩᠬᠠᠨ ᠲᠣᠭᠯᠠᠭᠠᠳ
᠁ ᠡᠨᠡ ᠬᠣᠷᠸ᠎ᠠ ᠴᠢᠨᠢ ᠶᠡᠷᠦ ᠯᠡ
᠁ ᠡᠴᠦᠰ ᠦ᠋ᠨ ᠡᠴᠦᠰ ᠲᠡᠭᠡᠨ ᠯᠡ ᠭᠢᠯᠠᠰ !
᠁ ᠠᠮᠢᠲᠠᠳ ᠪᠦᠬᠦᠨ ᠡᠷᠬᠡ ᠲᠡᠭᠰᠢ!
᠁ ᠡᠩᠬᠡ ᠵᠡᠷᠭᠡᠴᠡᠨ ᠣᠷᠣᠰᠢᠬᠤᠢ
᠁ ᠡᠷᠡᠰ ᠡᠷᠬᠢᠮ ᠬᠠᠤᠯᠠᠢ ᠲᠠᠢ ᠴᠤ᠌ ᠁
᠁ ᠠᠮᠢᠲᠠᠨ ᠪᠣᠳᠠᠰ ᠤᠨ ᠯᠠ
ᠶᠢᠷᠲᠢᠨᠴᠦ ᠰᠢᠦ ᠳᠡ ! ᠮᠥᠩᠬᠡ ᠲᠡᠭᠷᠢ ᠡ
2024᠂ 07᠂ 24᠃ 12᠄ 39 ᠮᠢᠨᠦ᠋ᠲ᠃
ᠪᠢᠯᠢᠭ ᠦ᠋ᠨ ᠵᠢᠷᠭᠤᠭᠠᠨ ᠰᠠᠷ᠎ᠠ ᠶ᠋ᠢᠨ
ᠬᠣᠷᠢ ᠶᠢᠰᠦᠨ ᠦ᠌ ᠡᠳᠦᠷ ᠬᠥᠬᠡᠬᠣᠲᠠᠨ᠎ᠠ
ᠯᠤᠲᠤ ᠲᠣᠮᠣ ᠪᠠᠶᠠᠷ ᠵᠢᠷᠭᠠᠯᠠᠩ ᠦᠯᠡᠮᠵᠢ ᠲᠡᠢ
ᠬᠢᠴᠢᠶᠡᠩᠭᠦᠢ ᠨᠢᠭᠦᠯᠡᠰᠦᠩᠭᠦᠢ ᠪᠦᠲᠦᠭᠡᠪᠡᠢ᠃
