ᠮᠥᠩᠬᠡ ᠲᠩᠷᠢ ᠶ᠋ᠢᠨ ᠯᠠ ᠠᠮᠢᠳᠤ ᠰᠢᠷᠭᠠᠯ ᠰᠣᠯᠣᠩᠭ᠎ᠠ – ᠶᠣᠨᠳᠣᠨ ᠤ ᠪᠢᠯᠢᠭ᠌ - ᠪᠠᠭᠠᠲᠤᠷ Мөнх тэгрын л амьд шаргал солонго – Ёндоны Билиг - Баатар
ᠮᠥᠩᠬᠡ ᠲᠡᠭᠷᠢ ᠶ᠋ᠢᠨ ᠯᠠ ᠠᠮᠢᠳᠤ ᠰᠢᠷᠭᠠᠯ ᠰᠣᠯᠣᠩᠭ᠎ᠠ
ᠨᠣᠯ ᠰᠢᠷᠭᠠᠯ ᠠᠮᠢᠳᠤ ᠰᠣᠯᠣᠩᠭ᠎ᠠ –
ᠮᠢᠨᠦ ᠮᠠᠰᠢ ᠪᠠᠶᠠᠰᠬᠤᠯᠠᠩ ᠬᠠᠢᠷᠠᠲᠠᠢ
ᠬᠠᠨᠢ ᠨᠡᠷ᠎ᠡ ᠲᠡᠢ ᠠᠯᠲᠠᠨ ᠨᠣᠬᠠᠢ!
ᠨᠢᠳᠦ ᠴᠢᠴᠢᠮ᠎ᠡ ᠪᠠᠳ ᠬᠠᠨᠷᠠᠩᠭᠤᠢ
ᠰᠥᠨᠢ ᠶ᠋ᠢᠨ ᠲᠦᠮᠡᠨ ᠠᠭᠱᠠᠨ᠎ᠠ
ᠨᠠᠮ᠎ᠠ ᠶ᠋ᠢ ᠪᠠᠨ ᠯᠠ ᠰᠣᠶᠣᠨ ᠭᠡᠭᠡᠷᠡᠭᠦᠯᠬᠦᠢ
ᠠᠯᠲᠠᠨ ᠦᠰᠦᠭ ᠲᠡᠢ ᠭᠢᠯᠪᠡᠬᠡᠨ ᠰᠢᠭ
ᠠᠯᠲᠠᠨ ᠬᠠᠭᠠᠨ ᠤ᠋ ᠤᠤᠭᠠᠨ ᠨᠡᠢᠰᠯᠡᠯ!
ᠠᠯᠳᠠᠷᠲᠤ ᠮᠢᠨᠦ ᠯᠡ ᠬᠥᠬᠡᠬᠣᠲᠠᠨ᠎ᠠ
ᠠᠶᠤᠩᠭ᠎ᠠ ᠶ᠋ᠢᠨ ᠳᠠᠭᠤᠨ ᠢ᠋ ᠬᠤᠷᠤᠢᠯᠠᠨ
ᠠᠲᠠᠭᠠᠲᠠᠳ ᠢ᠋ ᠮᠢᠬᠠᠷ ᠰᠡᠯᠡᠮ᠎ᠡ ᠰᠢᠭ
ᠠᠰᠠᠨ ᠴᠠᠭᠠᠷᠢᠭᠯᠠᠩᠬᠠᠨ ᠥᠳᠬᠡᠨ ᠡᠭᠦᠯᠡᠨ᠎ᠡ
ᠬᠥᠨᠳᠡᠯᠡᠨ ᠭᠣᠣᠯᠲᠤ ᠴᠠᠪᠴᠢᠨᠠᠮ ᠪᠥᠯᠥᠭᠡ
ᠨᠠᠢᠷᠠᠭᠴᠢ ᠵᠠᠯᠠᠭᠤᠬᠠᠨ ᠨᠠᠳᠠᠳᠤ ᠬᠠᠷᠢᠨ ᠴᠤ᠌
ᠠᠶᠤᠬᠤ ᠠᠶᠤᠮᠰᠢᠭ ᠬᠢᠯᠭᠠᠰᠤᠨ ᠲᠡᠳᠦᠢ ᠴᠤ᠌
ᠡᠩᠬᠡ ᠡᠭᠦᠷᠢᠳᠡ ᠣᠷᠣᠰᠢᠬᠤ ᠦᠭᠡᠢ ᠠ᠋
ᠤᠴᠢᠷ ᠨᠢ ᠪᠢ ᠨᠣᠬᠠᠢ ᠳ᠋ᠠᠭᠠᠨ ᠡᠵᠡᠨ!
ᠮᠥᠩᠬᠡ ᠲᠡᠭᠷᠢ ᠶ᠋ᠢᠨ ᠢ᠋ᠶ᠋ᠡᠨ ᠯᠡ !!!
ᠠᠮᠢᠳᠤ ᠰᠢᠷᠭᠠᠯ ᠰᠣᠯᠣᠩᠭ᠎ᠠ ᠲᠠᠢ ᠬᠥᠮᠦᠨ᠃
ᠠᠢᠬᠤᠪᠲᠤᠷ ᠯᠤᠲᠤ ᠲᠣᠮᠣ ᠠᠷᠰᠯᠠᠨ ᠰᠢᠭ᠋
ᠪᠡᠶ᠎ᠡ ᠪᠠᠷ᠎ᠠ ᠴᠤ᠌ ᠦᠭᠡᠢ ᠬᠥᠭᠡᠷᠦᠬᠦᠨ
ᠲᠠᠩᠭᠠᠷᠢᠭᠲᠤ ᠳᠡᠩᠳᠡᠭᠦᠦ ᠤᠬᠠᠭᠠᠨᠲᠠᠢ ᠠᠭᠠᠳ
ᠲᠠᠯ᠎ᠠ ᠶ᠋ᠢᠨ ᠴᠢᠨᠣ᠎ᠠ ᠰᠢᠭ᠋ ᠰᠥᠰᠥᠲᠡᠢ
ᠲᠠᠢᠭᠠᠨ ᠨᠠᠷᠢᠬᠠᠨ ᠴᠠᠭᠠᠪᠲᠤᠷ ᠭᠡᠳᠡᠰᠦ ᠲᠡᠢ
ᠴᠠᠪᠢᠳᠠᠷ ᠪᠥᠬᠡᠨ ᠴᠡᠭᠡᠨ ᠴᠠᠪᠢᠲᠠᠢ
ᠮᠠᠰᠢᠳᠠ ᠴᠢᠮᠪᠠᠢ ᠴᠢᠭᠢᠷᠠᠭ ᠴᠤᠭᠴᠢᠰ ᠲᠠᠢ
ᠮᠢᠨᠦ ᠨᠣᠬᠠᠢ! ᠮᠢᠨᠦ ᠰᠢᠷᠭᠠᠯ ᠰᠣᠯᠣᠩᠭ᠎ᠠ
ᠮᠣᠩᠭᠣᠯ ᠨᠣᠬᠠᠢ ᠶ᠋ᠢᠨ ᠴᠢᠰᠤᠲᠠᠢ ᠠᠭᠠᠳ
ᠮᠠᠰᠢ ᠭᠠᠩᠭᠠᠩ ᠭᠣᠶᠣᠬᠠᠨ ᠵᠢᠰᠦᠲᠡᠢ!
ᠵᠢᠭᠠᠬᠠᠨ ᠣᠮᠪᠣᠯ ᠮᠢᠨᠢ ᠲᠡᠭᠦᠨ ᠳ᠋ᠦ᠍ ᠪᠡᠨ
ᠶᠠᠭ ᠵᠣᠬᠢᠴᠠᠭᠰᠠᠨ ᠬᠠᠨᠢ ᠨᠡᠷ᠎ᠡ ᠶ᠋ᠢ
ᠵᠢᠭᠠᠯᠭᠠᠵᠤ ᠨᠠᠳᠠ ᠪᠠᠷ ᠬᠡᠯᠡᠭᠦᠯᠦᠯ ᠦᠭᠡᠢ ᠪᠡᠷ
ᠵᠢᠳᠠᠨ ᠤ᠋ ᠢᠷ ᠰᠢᠭ ᠬᠤᠷᠳᠤᠨ ᠭᠡᠭᠴᠢ
ᠡᠢᠨ ᠥᠭᠦᠯᠡᠷᠦᠨ᠄《ᠡᠪᠦᠭᠡ ᠲᠠᠩᠳᠠ
ᠮᠣᠷᠢ ᠨᠣᠬᠠᠢ ᠪᠤᠯ ᠮᠣᠩᠭᠣᠯ ᠬᠥᠮᠦᠨ ᠦ᠌ ᠯᠡ
ᠮᠥᠩᠬᠡ ᠶ᠋ᠢᠨ ᠤᠷᠪᠠᠰᠢ ᠦᠭᠡᠢ! ᠁
ᠬᠠᠨᠢ ᠶᠤᠮ ᠠ᠋ ᠭᠡᠵᠦ ᠵᠠᠬᠢᠳᠠᠭ ᠠ᠋ᠴᠠ ᠯᠠ
ᠪᠢ ᠨᠣᠬᠠᠢ ᠳ᠋ᠠᠭᠠᠨ ᠬᠠᠨᠢ ᠭᠡᠳᠡᠭ ᠨᠡᠷ᠎ᠡ
ᠦᠭᠭᠦᠨ᠎ᠡ ᠠ᠋》 ᠭᠡᠵᠦ ᠬᠠᠢᠷᠠᠯᠠᠭᠰᠠᠨ!
ᠮᠥᠩᠬᠡ ᠲᠡᠭᠷᠢ ᠶ᠋ᠢ ᠣᠳᠣᠬᠠᠨ ᠳ᠋ᠠᠭᠠᠨ
ᠮᠢᠨᠦ ᠣᠮᠪᠣᠯ ᠮᠡᠳᠡᠭᠡ ᠦᠭᠡᠢ ᠠ᠋!
ᠮᠡᠳᠡᠬᠦ ᠴᠠᠭ ᠡᠷᠢᠨ ᠨᠢ ᠠᠢᠰᠤᠢ ᠠᠢᠰᠤᠢ
ᠮᠢᠨᠦ ᠡᠪᠦᠭᠡᠷᠡᠬᠦ ᠶᠠᠷᠢᠶᠠᠨ ᠦᠭᠡᠢ ᠵᠥᠪ
᠁ ᠁ ᠁
ᠮᠢᠨᠦ ᠣᠮᠪᠣᠯ ᠦᠰᠦᠨᠡᠮ ᠵᠧ ᠠ᠋ ᠁
ᠮᠥᠩᠬᠡ ᠲᠡᠭᠷᠢ ᠶ᠋ᠢᠨ !!!
ᠭᠠᠯ ᠰᠢᠷᠭ᠎ᠠ ᠰᠣᠯᠣᠩᠭ᠎ᠠ !!!
᠁ ᠭᠠᠵᠠᠷ ᠲᠡᠭᠷᠢ ᠶ᠋ᠢ ᠬᠣᠯᠪᠤᠨᠠᠮ ᠶᠠ ᠁
2024᠂ 07᠂ 24᠃ 02᠄ 09 ᠮᠢᠨᠦ᠋ᠲ᠃
ᠰᠢᠯᠦᠭ ᠪᠦᠲᠦᠭᠡᠳᠡᠭ ᠰᠢᠷᠭᠠᠯ ᠬᠠᠳᠠᠨ
ᠪᠢᠴᠢᠭ ᠦ᠋ᠨ ᠰᠢᠷᠡᠭᠡᠨ ᠳᠡᠭᠡᠷ᠎ᠡ ᠪᠠᠨ ᠯᠠ !
ᠰᠠᠷᠠᠨ ᠤ᠋ ᠪᠦᠲᠡᠭ ᠰᠦᠨ ᠳᠣᠣᠷ᠎ᠠ ᠯᠠ !
ᠬᠥᠬᠡᠬᠣᠲᠠᠨ᠎ᠠ ᠦᠦᠷ ᠢ᠋ᠶ᠋ᠡᠷ ᠪᠦᠲᠦᠭᠡᠪᠡᠢ᠃
