ᠤᠳᠤᠮᠲᠤ ᠤᠭᠰᠠᠭ᠎ᠠ-ᠠᠯᠲᠠᠨᠳᠠᠯᠠᠢУдамт угсаа-Алтандалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠳᠤᠮᠲᠤ ᠤᠭᠰᠠᠭ᠎ᠠ-ᠠᠯᠲᠠᠨᠳᠠᠯᠠᠢУдамт угсаа-Алтандалай

ᠤᠳᠤᠮᠲᠤ ᠤᠭᠰᠠᠭ᠎ᠠ-ᠠᠯᠲᠠᠨᠳᠠᠯᠠᠢУдамт угсаа-Алтандалай

ᠠᠩᠭᠢᠯᠠᠯ:ᠳᠠᠭᠤᠤ ᠬᠥᠭᠵᠢᠮ
2024-07-28

1158

ᠤᠳᠤᠮᠲᠤ ᠤᠭᠰᠠᠭ᠎ᠠ

   ᠦᠭᠡ᠄ ᠪᠡᠰᠦᠳ᠂ ᠴᠡᠩᠭᠡᠯ 
   ᠠᠶ᠎ᠠ᠄ ᠪᠡᠰᠦᠳ᠂ ᠷᠢᠸᠠᠳᠢ 
   ᠳᠠᠭᠤᠴᠢᠨ᠄ ᠠᠯᠲᠠᠨᠳᠠᠯᠠᠢ 

ᠡᠵᠡᠨ ᠴᠢᠩᠭᠢᠰ ᠦ᠋ᠨ ᠡᠨᠡᠷᠢᠨ ᠰᠣᠶᠣᠷᠬᠠᠭᠰᠠᠨ 
ᠡᠷᠡᠯᠬᠡᠭ ᠵᠡᠪᠡ ᠶ᠋ᠢᠨ ᠤᠭᠰᠠᠭ᠎ᠠ ᠤᠳᠤᠮ 
ᠡᠷᠲᠡ ᠳᠡᠭᠡᠳᠦᠰ ᠦ᠋ᠨ ᠲᠡᠦᠬᠡ ᠱᠠᠰᠲᠢᠷ ᠲᠤ᠌ 
ᠡᠷᠳᠡᠨᠢ ᠶ᠋ᠢᠨ ᠴᠢᠯᠠᠭᠤ ᠰᠢᠭ᠋ ᠵᠣᠷᠢᠭᠲᠤ ᠤᠭᠰᠠᠭᠠᠲᠠᠨ 

ᠪᠠᠭᠠᠲᠤᠷᠯᠢᠭ ᠰᠥᠰᠥ ᠵᠣᠷᠢᠭ ᠰᠦᠯᠳᠡ ᠲᠡᠢ 
ᠪᠠᠢᠯᠳᠤᠭᠠᠨ ᠤ᠋ ᠢᠯᠠᠯᠲᠠ ᠶ᠋ᠢᠨ ᠠᠯᠳᠠᠷ ᠬᠦᠨᠳᠦᠲᠡᠢ 
ᠪᠠᠢᠭᠠᠯᠢ ᠳᠡᠯᠡᠬᠡᠢ ᠶ᠋ᠢᠨ ᠥᠷᠥᠴᠡᠨ ᠳᠡᠭᠡᠷ᠎ᠡ 
ᠪᠠᠳᠠᠷᠠᠵᠤ ᠳᠡᠯᠭᠡᠷᠡᠭᠰᠡᠨ ᠣᠪᠣᠭ ᠤᠭᠰᠠᠭᠠᠲᠠᠨ

ᠡᠪᠦᠭᠡ ᠳᠡᠭᠡᠳᠦᠰ ᠦ᠋ᠨ ᠪᠤᠭᠤᠷᠤᠯ ᠲᠡᠦᠬᠡ ᠪᠡᠨ
ᠳᠡᠭᠡᠳᠦᠯᠡᠵᠦ ᠢᠷᠡᠭᠰᠡᠨ ᠪᠠᠰᠤᠳ ᠤᠭᠰᠠᠭ᠎ᠠ
ᠡᠩ ᠳᠡᠯᠡᠬᠡᠢ ᠶ᠋ᠢᠨ ᠮᠣᠩᠭᠣᠯᠴᠤᠳ ᠲᠠᠢ ᠪᠠᠨ 
ᠲᠡᠷᠭᠡᠯᠰᠢᠵᠦ ᠶᠠᠪᠤᠬᠤ ᠠᠤᠭ᠎ᠠ ᠬᠦᠰᠡᠯᠡᠩ ᠲᠡᠢ

ᠪᠢᠴᠢᠭ ᠴᠡᠷᠢᠭ ᠦ᠋ᠨ ᠡᠷᠳᠡᠮ ᠬᠣᠣᠰᠯᠠᠭᠰᠠᠨ
ᠪᠢᠯᠢᠭ ᠤᠬᠠᠭᠠᠨ ᠲᠦᠮᠡᠨ ᠡᠴᠡ ᠣᠷᠣᠢᠯᠠᠭᠰᠠᠨ
ᠪᠤᠭᠤᠷᠤᠯ ᠲᠡᠦᠬᠡ ᠶ᠋ᠢᠨ ᠬᠠᠭᠤᠳᠠᠰᠤᠨ ᠳ᠋ᠠᠭᠠᠨ
ᠪᠤᠶᠠᠨ ᠬᠤᠷᠤᠢᠯᠠᠭᠰᠠᠨ ᠵᠠᠶᠠᠭᠠᠲᠤ ᠤᠭᠰᠠᠭᠠᠲᠠᠨ

ᠡᠷᠲᠡ ᠳᠡᠭᠡᠳᠦᠰ ᠦ᠋ᠨ ᠦᠶ᠎ᠡ ᠡᠴᠡ
ᠡᠶᠡᠯᠰᠡᠭ ᠨᠠᠢᠷᠲᠠᠢ ᠪᠠᠰᠤᠳ ᠤᠭᠰᠠᠭ᠎ᠠ
ᠡᠷᠲᠡ ᠡᠳᠦᠭᠡ ᠶ᠋ᠢᠨ ᠬᠡᠯᠬᠢᠶ᠎ᠡ ᠵᠠᠯᠭᠠᠮᠵᠢᠯᠠᠭᠰᠠᠨ 
ᠡᠷᠢᠨ ᠴᠠᠭ ᠤ᠋ᠨ ᠵᠢᠷᠤᠮᠲᠤ ᠤᠭᠰᠠᠭᠠᠲᠠᠨ

ᠡᠪᠦᠭᠡ ᠳᠡᠭᠡᠳᠦᠰ ᠦ᠋ᠨ ᠪᠤᠭᠤᠷᠤᠯ ᠲᠡᠦᠬᠡ ᠪᠡᠨ
ᠳᠡᠭᠡᠳᠦᠯᠡᠵᠦ ᠢᠷᠡᠭᠰᠡᠨ ᠪᠠᠰᠤᠳ ᠤᠭᠰᠠᠭ᠎ᠠ
ᠡᠩ ᠳᠡᠯᠡᠬᠡᠢ ᠶ᠋ᠢᠨ ᠮᠣᠩᠭᠣᠯᠴᠤᠳ ᠲᠠᠢ ᠪᠠᠨ 
ᠲᠡᠷᠭᠡᠯᠰᠢᠵᠦ ᠶᠠᠪᠤᠬᠤ ᠠᠤᠭ᠎ᠠ ᠬᠦᠰᠡᠯᠡᠩ ᠲᠡᠢ

   ᠦᠰᠦᠭ ᠠᠮᠢᠯᠠᠭᠤᠯᠤᠭᠴᠢ᠄ ᠭᠡᠷᠡᠯ
   ᠦᠰᠦᠭ ᠬᠠᠲᠠᠭᠰᠠᠨ ᠨᠢ᠄ ᠰᠣᠳᠣ
   ᠬᠢᠨᠠᠭᠴᠢ᠄ ᠣᠳᠬᠠᠨᠰᠣ᠎ᠠ