ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠳᠥᠷᠪᠡ) Сэрүүхэн тал нутаг–<свис> Вальтер Босгард (Walter Bosshard)- Гуравдугаар бөлөг᠂Гуравдэх аялал 4 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠳᠥᠷᠪᠡ) Сэрүүхэн тал нутаг–<свис> Вальтер Босгард (Walter Bosshard)- Гуравдугаар бөлөг᠂Гуравдэх аялал 4

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠳᠥᠷᠪᠡ) Сэрүүхэн тал нутаг–<свис> Вальтер Босгард (Walter Bosshard)- Гуравдугаар бөлөг᠂Гуравдэх аялал 4

ᠠᠩᠭᠢᠯᠠᠯ:ᠲᠤᠭᠤᠵᠢ ᠷᠣᠮᠠᠨ
2024-07-24

295


       ᠢᠷᠢᠨᠴᠢᠨ ᠪᠣᠯᠤᠨ ᠷᠠᠰᠢ ᠶ᠋ᠢᠨ ᠮᠠᠯ ᠰᠦᠷᠦᠭ ᠲᠦ᠍ ᠯᠡ ᠬᠠᠯᠳᠠᠪᠤᠷᠢᠲᠤ ᠡᠪᠡᠳᠴᠢᠨ ᠳᠡᠯᠭᠡᠷᠡᠭᠡᠳ ᠲᠠᠯ᠎ᠠ ᠨᠤᠲᠤᠭ ᠤ᠋ᠨ ᠭᠠᠢ ᠵᠣᠪᠠᠯᠠᠩ ᠳᠠᠭᠤᠰᠤᠭᠰᠠᠨ ᠪᠢᠰᠢ᠃ ᠪᠡᠭᠡᠵᠢᠩ ᠳ᠋ᠡᠬᠢ ᠬᠠᠭᠠᠨ ᠤ᠋ ᠣᠷᠳᠣᠨ ᠤ᠋ ᠴᠡᠴᠡᠷᠯᠢᠭ ᠦ᠋ᠳ ᠲᠦ᠍ ᠠᠩᠬᠠᠨ ᠤ᠋ ᠨᠣᠭᠣᠭ᠎ᠠ ᠴᠤᠬᠤᠢᠵᠤ ᠪᠠᠢᠭ᠎ᠠ ᠦᠶᠡᠰ ᠲᠦ᠍ ᠵᠤᠳ ᠲᠠᠢ ᠡᠪᠦᠯ ᠪᠣᠯᠤᠭᠰᠠᠨ ᠵᠢᠴᠢ ᠭᠠᠮᠰᠢᠭᠳᠠᠭᠰᠠᠨ ᠮᠠᠯᠴᠢᠳ ᠤ᠋ᠨ ᠲᠤᠬᠠᠢ ᠵᠠᠬᠢᠳᠠᠯ ᠤ᠋ᠳ ᠢ᠋ ᠮᠣᠩᠭᠣᠯ ᠠ᠋ᠴᠠ ᠪᠢ ᠣᠯᠵᠤ ᠪᠠᠢᠯ᠎ᠠ᠃ ᠮᠢᠨᠦ ᠨᠡᠢᠵᠡᠳ 《ᠠᠳᠡᠬᠢ ᠭᠠᠮᠰᠢᠭ ᠪᠣᠯ ᠦᠭᠡ ᠪᠡᠷ ᠢᠯᠡᠳᠬᠡᠵᠦ ᠳᠡᠢᠯᠦᠰᠢ ᠦᠭᠡᠢ᠂ ᠥᠴᠦᠬᠡᠨ ᠲᠡᠳᠦᠢ ᠲᠤᠰᠠᠯᠠᠮᠵᠢ ᠴᠤ᠌ ᠭᠡᠰᠡᠨ ᠪᠢᠳᠡᠨ ᠳ᠋ᠦ᠍ ᠬᠡᠷᠡᠭ ᠲᠡᠢ 》ᠬᠡᠮᠡᠵᠡᠭᠡᠵᠦ᠂ ᠨᠠᠳᠠ ᠠ᠋ᠴᠠ ᠲᠤᠰᠠᠯᠠᠮᠵᠢ ᠭᠤᠶᠤᠵᠠᠭᠠᠵᠤ ᠪᠠᠢᠪᠠ᠃ 

       ᠲᠡᠭᠡᠭᠡᠳ ᠨᠢᠭᠡᠨ ᠡᠳᠦᠷ ᠭᠠᠯᠲᠤ ᠳ᠋ᠤ᠌ ᠰᠠᠭᠤᠵᠤ᠂ ᠬᠠᠪᠤᠷ ᠤ᠋ᠨ ᠥᠩᠭᠡ ᠪᠢᠯᠬᠠᠭᠰᠠᠨ ᠪᠡᠭᠡᠵᠢᠩ ᠡᠴᠡ ᠴᠠᠰᠤ ᠮᠥᠰᠥᠲᠦ ᠤᠮᠠᠷᠠᠲᠤ ᠣᠷᠣᠨ ᠢ᠋ ᠴᠢᠭᠯᠡᠪᠡ᠃ ᠲᠠᠯ᠎ᠠ ᠨᠤᠲᠤᠭ ᠠ᠋ᠴᠠ ᠴᠢᠮᠥᠭᠡ ᠴᠠᠷᠴᠠᠭᠠᠮ᠎ᠠ ᠬᠦᠢᠲᠡᠨ ᠰᠠᠯᠬᠢ ᠦᠯᠢᠶᠡᠬᠦ ᠠᠵᠢ᠃ 

       - ᠡᠨᠳᠡ ᠪᠣᠯ ᠬᠦᠢᠲᠡᠨ ᠲᠠᠮᠤ ᠭᠡᠵᠦ ᠮᠡᠳᠡ ! ᠪᠠᠢᠳᠠᠭ ᠠᠳᠠ ᠴᠢᠳᠬᠥᠷ ᠠᠯᠳᠠᠭᠳᠠᠵᠤ ᠢᠷᠡᠭᠰᠡᠨ ᠪᠠᠢᠬ᠎ᠠ᠃ ᠮᠠᠯᠴᠢᠳ ᠤ᠋ᠨ ᠵᠣᠪᠠᠯᠠᠩ ᠳ᠋ᠤ᠌ ᠪᠠᠬᠠᠳᠤᠨ ᠢᠰᠬᠡᠷᠦᠨ ᠪᠠᠢᠭ᠎ᠠ ᠶ᠋ᠢ ᠰᠣᠨᠣᠰᠬᠤ ᠦᠭᠡᠢ ᠤᠤ?  ᠬᠦᠢᠲᠡᠨ ᠰᠠᠯᠬᠢ ᠬᠣᠢᠨ᠎ᠠ ᠠ᠋ᠴᠠ ᠴᠢᠷᠠᠢ ᠥᠭᠡᠳᠡ ᠴᠠᠰᠤ ᠬᠠᠶᠠᠯᠠᠬᠤ ᠶ᠋ᠢᠨ ᠬᠠᠮᠲᠤ ᠵᠠᠮ ᠱᠤᠭᠤᠮ ᠢ᠋ ᠴᠦ᠍ ᠪᠦᠭᠦᠳᠡ ᠶ᠋ᠢ ᠪᠥᠭᠯᠡᠵᠦ ᠣᠷᠬᠢᠵᠠᠢ᠃ ᠪᠢᠳᠡ ᠲᠡᠭᠡᠭᠡᠳ ᠪᠤᠰᠢᠭᠤᠬᠠᠨ ᠪᠤᠴᠠᠶ᠎ᠠ ᠳᠠ ! ᠭᠡᠵᠦ ᠨᠠᠳᠠ ᠲᠠᠢ ᠬᠠᠨᠢᠯᠠᠵᠤ ᠶᠠᠪᠤᠭᠰᠠᠨ ᠮᠣᠩᠭᠣᠯ ᠮᠢᠨᠢ ᠶᠠᠷᠢᠯ᠎ᠠ᠃ 

       ᠨᠢᠭᠡ ᠵᠢᠵᠢᠭ ᠲᠣᠯᠣᠭᠠᠢ ᠶ᠋ᠢᠨ ᠡᠩᠭᠡᠷ ᠲᠦ᠍ ᠬᠦᠷᠴᠦ ᠴᠢᠨᠠᠭᠰᠢ ᠠᠶᠠᠯᠠᠬᠤ ᠵᠠᠮ ᠡᠷᠢᠪᠡ᠃ ᠪᠢᠳᠡ ᠬᠦᠨᠳᠦ ᠵᠤᠵᠠᠭᠠᠨ ᠬᠣᠨᠢᠨ ᠠᠷᠠᠰᠤᠨ ᠳᠠᠬᠤ ᠲᠠᠢ ᠠᠲᠠᠯ᠎ᠠ ᠬᠦᠢᠲᠡᠨ ᠰᠠᠯᠬᠢᠨ ᠳ᠋ᠤ᠌ ᠪᠥᠮᠪᠥᠭᠡᠨᠡᠲᠡᠯ᠎ᠡ ᠴᠡᠴᠡᠷᠡᠵᠦ ᠪᠠᠢᠪᠠ᠃ ᠲᠠᠯ᠎ᠠ ᠨᠤᠲᠤᠭ ᠴᠠᠢᠷᠠᠨ ᠦᠷᠭᠦᠯᠵᠢᠯᠡᠬᠦ ᠴᠠᠰᠤᠨ ᠳ᠋ᠤ᠌ ᠳᠠᠷᠤᠭᠳᠠᠨ᠂ ᠰᠦᠷᠯᠢᠭ ᠭᠣᠶᠣ ᠮᠥᠷᠲᠡᠭᠡᠨ ᠨᠢᠭᠤᠴᠠᠭᠠᠢ ᠰᠠᠨᠠᠭᠳᠠᠭᠤᠯᠤᠨ᠎ᠠ᠃ ᠠᠮᠢᠲᠠᠨ ᠤ᠋ ᠪᠠᠷ᠎ᠠ ᠭᠡᠵᠦ ᠠᠯᠠᠭ᠎ᠠ᠂ ᠭᠠᠭᠴᠠᠬᠠᠨ ᠰᠢᠪᠠᠭᠤ ᠡᠰᠡᠬᠦᠯ᠎ᠡ ᠨᠠᠭᠠᠳᠤ ᠵᠠᠬ᠎ᠠ ᠳ᠋ᠠᠭᠠᠨ ᠬᠡᠭᠡᠷ᠎ᠡ ᠶ᠋ᠢᠨ ᠬᠤᠯᠤᠭᠠᠨ᠎ᠠ ᠶ᠋ᠢᠨ ᠮᠥᠷ ᠴᠦ᠍ ᠬᠠᠷᠠᠭᠳᠠᠬᠤ ᠦᠭᠡᠢ ᠠᠵᠢ᠃ 

       - ᠶᠠᠭ ᠯᠠ ᠥᠭᠡᠷ᠎ᠡ ᠨᠢᠭᠡᠨ ᠣᠳᠣᠨ ᠭᠠᠷᠠᠭ ᠲᠤ᠌ ᠢᠷᠡᠭᠡᠳ ᠪᠠᠢᠭ᠎ᠠ ᠰᠢᠭ᠋ ᠪᠠᠢᠨ᠎ᠠ ᠭᠡᠵᠦ ᠪᠢ ᠥᠭᠦᠯᠡᠪᠡ᠃ ᠭᠡᠬᠦ ᠳ᠋ᠦ᠍ ᠬᠡᠯᠡᠭᠰᠡᠨ ᠦᠭᠡ ᠮᠢᠨᠢ ᠱᠠᠰᠢᠨ ᠤ᠋ ᠲᠣᠮᠣ ᠳᠤᠭᠠᠩ ᠳ᠋ᠤ᠌ ᠭᠠᠭᠴᠠᠬᠠᠨ ᠬᠥᠮᠦᠨ ᠦ᠌ ᠠᠯᠬᠤᠯᠠᠵᠤ ᠪᠠᠢᠭ᠎ᠠ ᠮᠡᠲᠦ ᠳᠠᠭᠤᠨ ᠭᠠᠷᠴᠤ ᠬᠦᠩᠭᠢᠨᠡᠨ ᠳᠤᠤᠭᠠᠷᠤᠭᠰᠠᠨ ᠪᠣᠯᠪᠠᠴᠤ ᠬᠠᠷᠢᠭᠤ ᠠᠯᠠᠭ᠎ᠠ᠃

       ᠬᠡᠴᠢᠨᠡᠭᠡᠨ ᠵᠠᠭᠤᠨ ᠵᠢᠯ ᠦ᠋ᠨ ᠲᠤᠷᠰᠢ ᠥᠷᠥᠨᠡᠳᠠᠬᠢᠨ ᠳᠣᠷᠣᠨᠠᠳᠠᠬᠢᠨ ᠢ᠋ ᠬᠣᠯᠪᠣᠵᠤ ᠪᠠᠢᠭᠰᠠᠨ ᠲᠡᠮᠡᠭᠡᠨ ᠵᠢᠩ ᠦ᠋ᠨ ᠵᠠᠮ ᠢ᠋ ᠡᠷᠢᠨ ᠣᠯᠤᠭᠠᠳ ᠵᠤᠳ ᠲᠤ᠌ ᠠᠪᠲᠠᠭᠰᠠᠨ ᠮᠣᠩᠭᠣᠯᠴᠤᠳ ᠲᠤ᠌ ᠲᠤᠰᠠᠯᠠᠬᠤ ᠶᠤᠮᠰᠠᠨ᠃ ᠨᠠᠷᠢᠬᠠᠨ ᠮᠥᠷᠲᠡᠭᠡᠨ ᠣᠯᠠᠨ ᠵᠡᠷᠭᠡᠴᠡᠭᠡ ᠪᠠᠢᠳᠠᠭ ᠲᠡᠮᠡᠭᠡᠨ ᠵᠢᠩ ᠦ᠋ᠨ ᠵᠠᠮ ᠨᠢ ᠬᠦᠢᠲᠡᠨ ᠰᠠᠯᠬᠢᠨ ᠳ᠋ᠤ᠌ ᠦᠯᠢᠶᠡᠭᠳᠡᠨ ᠰᠢᠭᠤᠷᠤᠭᠰᠠᠨ ᠴᠠᠰᠤᠨ᠎ᠠ ᠳᠠᠷᠤᠭᠳᠠᠨ ᠠᠯᠠᠭ᠎ᠠ ᠪᠣᠯᠵᠠᠢ᠃ 

       ᠲᠡᠷᠲᠡᠭᠡ ᠠᠯᠤᠰ ᠴᠠᠰᠤᠨ ᠳᠡᠭᠡᠷ᠎ᠡ ᠶᠠᠮᠠᠷ ᠨᠢᠭᠡᠨ ᠶᠠᠭᠤᠮ᠎ᠠ ᠬᠥᠳᠡᠯᠬᠦ ᠮᠡᠲᠦ ᠪᠣᠯᠵᠤ᠂ ᠵᠢᠵᠢᠭᠬᠡᠨ ᠬᠠᠷ᠎ᠠ ᠲᠣᠯᠪᠣ ᠢᠯᠡᠷᠡᠪᠡ᠃ ᠲᠡᠷᠡ ᠲᠣᠯᠪᠣ ᠨᠢ ᠨᠠᠭᠠᠰᠢ ᠴᠠᠭᠠᠰᠢ ᠰᠡᠭᠦᠳᠡᠭᠡᠨᠡᠨ᠂ ᠬᠠᠷᠠᠭᠠᠨ ᠳ᠋ᠤ᠌ ᠬᠠᠶᠠ ᠪᠠᠯᠠᠷᠠᠨ᠂ ᠬᠠᠶᠠ ᠬᠠᠷᠠᠭᠳᠠᠬᠤ ᠮᠡᠲᠦ ᠰᠠᠨᠠᠭᠳᠠᠨ᠎ᠠ᠃ ᠪᠢᠳᠡ ᠲᠡᠷᠡ ᠲᠣᠯᠪᠣ ᠶ᠋ᠢ ᠬᠠᠷᠠᠭᠰᠠᠭᠠᠷ ᠪᠠᠢᠵᠤ᠂ ᠨᠢᠳᠦ ᠴᠦ᠍ ᠢᠷᠬᠢᠷᠡᠨ ᠡᠪᠡᠳᠴᠦ ᠡᠬᠢᠯᠡᠪᠡ᠃ ᠨᠢᠳᠦ ᠮᠢᠨᠢ ᠲᠠᠯ᠎ᠠ ᠨᠤᠲᠤᠭ ᠤ᠋ᠨ ᠴᠠᠰᠤᠨ ᠠ᠋ᠴᠠ ᠣᠢᠬᠤ ᠴᠢᠩᠭ᠎ᠠ ᠭᠡᠷᠡᠯ ᠭᠢᠯᠪᠠᠭ᠎ᠠ ᠳ᠋ᠤ᠌ ᠵᠣᠬᠢᠴᠠᠵᠤ ᠴᠢᠳᠠᠭ᠎ᠠ ᠦᠭᠡᠢ ᠪᠥᠭᠡᠳ ᠪᠢᠳᠡᠨ ᠦ᠌ ᠴᠢᠷᠠᠢ ᠴᠤ᠌ ᠭᠦᠨ ᠬᠦᠷᠡᠩ ᠥᠩᠭᠡ ᠲᠡᠢ ᠪᠣᠯᠤᠭᠰᠠᠨ ᠪᠠᠢᠪᠠ᠃ 

       - ᠶᠠᠪᠤᠶ᠎ᠠ ! ᠬᠡᠷᠪᠡ ᠲᠡᠨᠳᠡ ᠶᠠᠭᠤᠮ᠎ᠠ ᠶᠠᠪᠤᠵᠤ ᠪᠠᠢᠬᠤ ᠳ᠋ᠤ᠌ ᠬᠦᠷᠪᠡᠯ ᠴᠢᠳᠬᠥᠷ ᠯᠡ ᠪᠠᠢᠵᠤ ᠲᠠᠭᠠᠷᠠᠨ᠎ᠠ ᠭᠡᠳ ᠬᠠᠮᠲᠤ ᠢᠷᠡᠭᠰᠡᠨ ᠬᠠᠨᠢ ᠮᠠᠨᠢ ᠨᠠᠮᠠᠶ᠋ᠢ ᠳᠣᠪᠣᠴᠠᠭ ᠤ᠋ᠨ ᠴᠠᠭᠠᠨᠠᠬᠢ ᠮᠠᠰᠢᠨ ᠤᠷᠤᠭᠤ ᠪᠤᠴᠠᠭᠤᠯᠬᠤ ᠶ᠋ᠢ ᠰᠢᠪᠠᠳᠠᠪᠠ᠃ ᠭᠡᠬᠦ ᠳ᠋ᠦ᠍ ᠲᠡᠷᠡ ᠬᠠᠷ᠎ᠠ ᠲᠣᠯᠪᠣ ᠤᠯᠠᠮ ᠤᠯᠠᠮ ᠣᠢᠷᠠᠳᠬᠤ ᠠᠵᠢ᠃ 

       - ᠬᠥᠮᠦᠨ ᠶᠦᠮ ᠤᠤ?  ᠮᠠᠯ ᠶᠤᠮ ᠤᠤ?  ᠭᠡᠵᠦ ᠨᠠᠮᠠᠶ᠋ᠢ ᠬᠡᠯᠡᠬᠦ ᠳ᠋ᠦ᠍ ᠮᠣᠩᠭᠣᠯ ᠮᠠᠨᠢ ᠠᠭᠤᠷᠯᠠᠨ : 

       - ᠴᠢᠮ᠎ᠠ ᠳ᠋ᠤ᠌ ᠴᠤ᠌ ᠴᠢᠳᠬᠥᠷ ᠣᠷᠣᠰᠢᠵᠠᠢ᠃ ᠲᠠᠯ᠎ᠠ ᠨᠤᠲᠤᠭ ᠲᠤ᠌ ᠶᠠᠪᠠᠭᠠᠨ ᠶᠠᠪᠤᠳᠠᠭ ᠬᠥᠮᠦᠨ ᠭᠡᠵᠦ ᠠᠯᠠᠭ᠎ᠠ᠃ ᠲᠡᠮᠡᠭᠡ ᠮᠣᠷᠢ ᠠᠯᠢ ᠨᠢ ᠴᠦ᠍ ᠶᠠᠭᠠᠬᠢᠬᠤ ᠪᠣᠢ᠂ ᠶᠠᠳᠠᠭᠤᠷᠠᠬᠤ ᠶ᠋ᠢᠨ ᠲᠤᠢᠯ ᠳ᠋ᠤ᠌ ᠬᠦᠷᠦᠯ᠎ᠡ ᠭᠡᠰᠡᠨ ᠴᠦ᠍ ᠭᠠᠭᠴᠠ ᠤᠨᠤᠭ᠎ᠠ ᠲᠠᠢ ᠪᠠᠢᠳᠠᠭ ᠶᠤᠮ ᠰᠢᠦ᠃ ᠶᠠᠳᠠᠬᠤ ᠳ᠋ᠠᠭᠠᠨ ᠠᠢᠯ ᠬᠥᠷᠰᠢ ᠡᠴᠡ ᠪᠡᠨ ᠨᠢᠭᠡ ᠶ᠋ᠢ ᠵᠢᠭᠡᠯᠡᠳᠡᠭ ᠭᠡᠯ᠎ᠡ᠃ 

       ᠶᠠᠭᠤ ᠴᠤ᠌ ᠭᠡᠰᠡᠨ ᠠᠮᠢᠳᠤ ᠶᠠᠭᠤᠮ᠎ᠠ ᠪᠠᠢᠭ᠎ᠠ ᠨᠢ ᠢᠯᠡᠷᠬᠡᠢ ᠪᠣᠯᠵᠤ᠂ ᠣᠢᠷᠠᠳᠬᠤ ᠲᠣᠰᠤᠮ ᠬᠥᠮᠦᠨ ᠦ᠌ ᠲᠥᠯᠥᠪ ᠲᠡᠢ ᠪᠣᠯᠵᠤ ᠢᠷᠡᠪᠡ᠃ ᠤᠷᠠᠭᠳᠠᠭᠰᠠᠨ ᠬᠣᠨᠢᠨ ᠳᠠᠬᠤ ᠲᠠᠢ᠂ ᠬᠠᠴᠠᠷ ᠨᠢ ᠴᠦᠪᠦᠷᠢᠭᠦᠲᠦᠨ ᠬᠥᠯᠳᠡᠭᠰᠡᠨ᠂ ᠪᠤᠯᠠᠩᠭᠢᠷᠲᠤᠭᠰᠠᠨ ᠨᠢᠳᠦ ᠲᠡᠢ ᠮᠣᠩᠭᠣᠯ ᠡᠷ᠎ᠡ ᠪᠠᠢᠪᠠ᠃ ᠠᠯᠬᠤᠬᠤ ᠪᠦᠷᠢ ᠳ᠋ᠡᠭᠡᠨ ᠬᠦᠴᠢᠷᠳᠡᠨ᠂ ᠴᠠᠰᠤᠨ ᠳ᠋ᠤ᠌ ᠰᠢᠭᠢᠳᠦᠨ ᠰᠢᠭᠢᠳᠦᠨ ᠵᠦᠳᠡᠭᠦᠷᠢᠲᠡᠢ ᠣᠷᠣᠭᠰᠢ ᠪᠠᠨ ᠠᠬᠢᠭᠰᠠᠭᠠᠷ ᠪᠠᠢᠪᠠ᠃ 

       - ᠠᠳᠠ ᠴᠢᠳᠬᠥᠷ ᠢ᠋ ᠴᠢ ᠮᠢᠨᠢ ᠣᠢᠷᠠᠬᠠᠨ ᠬᠦᠷᠦᠭᠡᠳ ᠬᠠᠷᠠᠭᠠᠷᠠᠢ ᠭᠡᠵᠦ ᠪᠢ ᠬᠠᠨᠢ ᠪᠠᠨ ᠱᠣᠣᠯᠠᠨ ᠬᠡᠯᠡᠭᠡᠳ ᠲᠦᠭᠳᠡᠷᠡᠨ ᠵᠣᠭᠰᠣᠪᠠ᠃ ᠡᠨᠡ ᠴᠢᠨᠢ ᠣᠯᠠᠨ ᠠᠳᠤᠭᠤ ᠬᠣᠨᠢ ᠲᠠᠢ ᠳᠠᠸᠠ ᠪᠢᠰᠢ ᠶᠦᠮ ᠤᠤ? ᠬᠡᠳᠦᠨ ᠠᠯᠬᠤᠮ ᠤ᠋ᠨ ᠵᠠᠢᠲᠠᠢ ᠢᠷᠡᠭᠡᠳ ᠲᠡᠷᠡ ᠡᠷ᠎ᠡ ᠳᠠᠭᠤᠨ ᠦᠭᠡᠢ ᠵᠣᠭᠰᠣᠪᠠ᠃ ᠲᠠᠷᠢᠬᠢᠨ ᠳ᠋ᠤ᠌ ᠮᠢᠨᠢ ᠤᠮᠠᠷᠠᠲᠤ ᠲᠤᠢᠯ ᠤ᠋ᠨ ᠪᠠᠷᠲᠠᠭ᠎ᠠ ᠰᠢᠨᠵᠢᠯᠡᠭᠴᠢ ᠶ᠋ᠢᠨ ᠠᠮᠢᠳᠤᠷᠠᠯ ᠭᠢᠯᠠᠰᠬᠢᠨ ᠪᠠᠭᠤᠬᠤ ᠰᠢᠭ᠋ ᠪᠣᠯᠪᠠ᠃ ᠡᠨᠡ ᠬᠦ᠌ ᠴᠠᠰᠤ ᠮᠥᠰᠥᠨ ᠳ᠋ᠦ᠍ ᠬᠤᠴᠢᠭᠳᠠᠭᠰᠠᠨ ᠬᠥᠳᠡᠭᠡ ᠲᠠᠯ᠎ᠠ ᠨᠢ ᠤᠮᠠᠷᠠᠲᠤ ᠲᠤᠢᠯ ᠳ᠋ᠠᠬᠢ ᠦᠵᠡᠬᠦ ᠳ᠋ᠦ᠍ ᠭᠣᠶᠣ ᠦᠵᠡᠰᠬᠦᠯᠡᠩ ᠠᠲᠠᠯ᠎ᠠ ᠪᠠᠨ ᠪᠠᠢᠭᠠᠯᠢ ᠳᠡᠯᠡᠬᠡᠢ ᠶ᠋ᠢᠨ ᠬᠠᠷᠭᠢᠰ ᠬᠡᠷᠴᠡᠭᠡᠢ ᠮᠥᠨ ᠴᠢᠨᠠᠷ ᠲᠠᠢ ᠨᠢ ᠶᠠᠮᠠᠷ ᠶᠡᠬᠡ ᠠᠳᠠᠯᠢᠬᠠᠨ ᠶᠤᠮ ᠪᠣᠢ᠃ 

       - ᠳᠠᠸᠠ ᠂ ᠳᠠᠸᠠ ! ᠭᠡᠵᠦ ᠬᠠᠨᠢ ᠮᠢᠨᠢ ᠬᠠᠰᠬᠢᠷᠤᠭᠠᠳ ᠴᠢ ᠬᠠᠮᠢᠭ᠎ᠠ ᠠ᠋ᠴᠠ ᠢᠷᠡᠪᠡ?  ᠭᠡᠵᠦ ᠭᠠᠢᠬᠠᠰᠢᠷᠠᠨ ᠵᠣᠭᠰᠣᠪᠠ᠃ ᠪᠢᠳᠡ ᠲᠡᠭᠦᠨ ᠳ᠋ᠦ᠍ ᠬᠠᠷ᠎ᠠ ᠠᠷᠢᠬᠢ ᠴᠢᠳᠬᠤᠵᠤ᠂ ᠠᠷᠠᠰᠤᠨ ᠬᠥᠨᠵᠢᠯᠡ ᠳᠡᠭᠡᠷ᠎ᠡ ᠪᠡᠨ ᠬᠡᠪᠲᠡᠭᠦᠯᠪᠡ᠃ ᠲᠡᠷᠡ ᠠᠭᠠᠵᠢᠮ ᠢ᠋ᠶ᠋ᠠᠷ ᠰᠡᠷᠭᠦᠬᠦ ᠪᠠᠢᠳᠠᠯ ᠣᠷᠣᠵᠤ ᠠᠮᠠᠨ ᠠ᠋ᠴᠠ ᠨᠢ ᠦᠯᠦ ᠣᠢᠯᠠᠭᠠᠭᠳᠠᠬᠤ ᠦᠭᠡ ᠰᠣᠨᠣᠰᠳᠠᠭᠰᠠᠭᠠᠷ ᠪᠠᠢᠪᠠ᠃ ᠬᠠᠴᠠᠷ᠂ ᠴᠢᠬᠢ᠂ ᠭᠠᠷ ᠬᠥᠯ ᠢ᠋ ᠨᠢ ᠴᠠᠰᠤ ᠪᠠᠷ ᠰᠠᠢᠨ ᠥᠷᠥᠵᠦ ᠵᠦᠯᠭᠦᠭᠡᠳ᠂ ᠮᠠᠰᠢᠨ ᠳ᠋ᠠᠭᠠᠨ ᠣᠷᠣᠭᠤᠯᠪᠠ᠃ ᠶᠠᠭᠤ ᠪᠣᠯᠤᠭᠰᠠᠨ ᠴᠤ᠌ ᠲᠡᠷᠡ ᠮᠠᠨᠢ ᠨᠢᠳᠦ ᠪᠡᠨ ᠨᠡᠭᠡᠭᠡᠵᠦ᠂ ᠭᠤᠨᠢᠭ ᠳᠦᠭᠦᠷᠦᠭᠰᠡᠨ ᠬᠠᠷᠠᠴᠠ ᠪᠠᠷ ᠡᠷᠭᠢᠨ ᠲᠣᠭᠣᠷᠢᠨ ᠢ᠋ ᠬᠠᠷᠠᠭᠰᠠᠨ ᠢ᠋ᠶ᠋ᠠᠨ ᠶᠠᠷᠢᠵᠤ ᠡᠬᠢᠯᠡᠯ᠎ᠡ᠃ 

       - ᠠᠳᠠ ᠴᠢᠳᠬᠥᠷ ᠦ᠋ᠳ ᠪᠦᠷ ᠠᠯᠳᠠᠭᠳᠠᠵᠠᠢ᠃ ᠡᠷᠯᠢᠭ ᠲᠠᠮᠤ ᠠ᠋ᠴᠠ ᠴᠢᠳᠬᠥᠷ ᠦ᠋ᠳ ᠬᠦᠷᠴᠦ ᠢᠷᠡᠭᠰᠡᠨ ᠪᠥᠭᠡᠳ ᠪᠢᠳᠡᠨ ᠢ᠋ ᠤᠰᠠᠳᠬᠠᠵᠤ ᠪᠠᠢᠨ᠎ᠠ᠃ ᠬᠣᠨᠢᠨ ᠰᠦᠷᠦᠭ ᠪᠠᠷᠤᠭ ᠯᠠ ᠬᠥᠯᠳᠡᠵᠦ ᠠᠯᠠᠭ᠎ᠠ ᠪᠣᠯᠤᠭᠠᠳ᠂ ᠥᠨᠢᠶᠡᠳ ᠮᠢᠨᠢ ᠥᠯᠪᠡᠷᠴᠦ ᠪᠠᠢᠨ᠎ᠠ᠃ ᠬᠥᠮᠦᠰ ᠨᠢ ᠬᠥᠯᠳᠡᠵᠦ ᠦᠬᠦᠭᠰᠡᠨ ᠮᠠᠯ ᠤ᠋ᠨ ᠶᠠᠰᠤ ᠶ᠋ᠢ ᠮᠡᠷᠡᠵᠦ᠂ ᠲᠦᠭᠦᠬᠡᠢ ᠵᠣᠪᠠᠯᠭ᠎ᠠ ᠪᠠᠷ ᠬᠣᠭᠣᠯᠠᠯᠠᠵᠤ ᠪᠠᠢᠭ᠎ᠠ ᠶᠤᠮ᠃ ᠤᠴᠢᠷ ᠨᠢ ᠠᠷᠭᠠᠯ ᠲᠦᠯᠡᠰᠢ ᠨᠢ ᠳᠠᠭᠤᠰᠤᠭᠰᠠᠨ ᠲᠤᠯᠠ ᠬᠡᠳᠦᠨ ᠭᠠᠷᠠᠭ ᠤ᠋ᠨ ᠲᠤᠷᠰᠢ ᠲᠤᠯᠭ᠎ᠠ ᠨᠢ ᠬᠦᠢᠲᠡᠨ ᠦᠨᠡᠰᠦ ᠬᠡᠪ ᠢ᠋ᠶ᠋ᠡᠷ ᠢ᠋ᠶ᠋ᠡᠨ᠃ ᠪᠢ ᠪᠣᠯ ᠲᠡᠷᠡ ᠬᠡᠳᠦᠨ ᠠᠮᠢᠳᠤ ᠦᠯᠡᠳᠡᠭᠰᠡᠳ ᠦ᠋ᠨ ᠨᠢᠭᠡ ᠨᠢ ᠶᠦᠮ᠃ ᠬᠥᠮᠦᠨ ᠮᠠᠯ ᠤ᠋ᠨ ᠦᠬᠦᠳᠡᠯ ᠬᠥᠳᠡᠭᠡ ᠬᠡᠭᠡᠷ᠎ᠡ ᠪᠡᠷ ᠳᠦᠭᠦᠷᠴᠡᠢ᠃ ᠪᠤᠷᠬᠠᠨ ᠲᠡᠭᠷᠢ ᠭᠡᠵᠦ ᠬᠥᠮᠦᠨ ᠠᠮᠢᠲᠠᠨ ᠢ᠋ ᠶᠠᠯᠠᠯᠠᠵᠤ ᠰᠢᠢᠳᠬᠡᠨ᠎ᠡ ᠭᠡᠪᠡᠯ ᠡᠢᠮᠦ ᠯᠡ ᠬᠡᠴᠡᠭᠦᠦ ᠪᠠᠢᠳᠠᠭ ᠠᠵᠢ᠃ 

       ᠲᠡᠷᠡ ᠡᠷ᠎ᠡ ᠨᠢᠳᠦ ᠪᠡᠨ ᠠᠨᠢᠭᠠᠳ᠂ ᠤᠷᠲᠤᠬᠠᠨ ᠰᠡᠭᠦᠷᠡᠰᠦ ᠠᠯᠳᠠᠭᠰᠠᠨ ᠢ᠋ᠶ᠋ᠠᠨ ᠶᠠᠳᠠᠷᠠᠯ ᠳ᠋ᠠᠭᠠᠨ ᠳᠡᠢᠯᠦᠭᠳᠡᠨ ᠨᠣᠢᠷᠮᠤᠭᠯᠠᠵᠤ ᠡᠬᠢᠯᠡᠪᠡ᠃ 

       - ᠪᠢᠳᠡᠨ ᠳ᠋ᠦ᠍ ᠵᠠᠮ ᠵᠢᠭᠠᠭᠠᠳ ᠠᠯᠢ!  ᠴᠢ ᠠᠳᠠ ᠬᠦᠷᠴᠦ ᠢᠷᠡᠵᠦ ᠲᠠᠢᠯᠵᠤ ᠪᠠᠢᠭ᠎ᠠ ᠶᠤᠮ ᠴᠢᠨᠢ ᠪᠢᠳᠡᠨ ᠳ᠋ᠦ᠍ ᠪᠠᠰᠠ ᠵᠠᠪᠰᠢᠶᠠᠨ ᠪᠠᠢᠬᠤ ᠮᠠᠭᠠᠳ ᠭᠡᠵᠦ ᠬᠠᠨᠢ ᠮᠢᠨᠢ ᠲᠡᠭᠦᠨ ᠢ᠋ ᠲᠦᠯᠬᠢᠨ ᠰᠡᠷᠡᠭᠡᠪᠡ᠃ 

       - ᠵᠠᠮ ?  ᠶᠠᠭᠤᠨ ᠵᠠᠮ ? 

       - ᠠᠳᠠ ᠠ᠋ᠴᠠ ᠬᠠᠮᠤᠭ ᠤ᠋ᠨ ᠣᠢᠷᠠᠬᠠᠨ ᠠᠢᠯ ᠳ᠋ᠤ᠌ ᠬᠦᠷᠬᠦ ᠵᠠᠮ᠃ 

       - ᠪᠣᠯᠬᠤ ᠦᠭᠡᠢ᠂ ᠲᠠ ᠨᠠᠷ ᠬᠥᠮᠦᠰ ᠦ᠋ᠨ ᠠᠮᠢᠨ ᠳ᠋ᠤ᠌ ᠬᠠᠢᠷᠠᠲᠠᠢ ᠴᠤ᠌ ᠭᠡᠰᠡᠨ ᠤᠷᠤᠭᠰᠢᠯᠠᠵᠤ ᠪᠣᠯᠬᠤ ᠦᠭᠡᠢ᠃ ᠦᠬᠦᠯ ᠪᠣᠯᠤᠨ ᠠᠳᠠ ᠴᠢᠳᠬᠥᠷ ᠯᠡ ᠲᠠᠯ᠎ᠠ ᠨᠤᠲᠤᠭ ᠲᠤ᠌ ᠠᠮᠢᠳᠤᠷᠠᠵᠤ ᠪᠠᠢᠭ᠎ᠠ ᠶᠤᠮ᠃ 

       ᠪᠢᠳᠡ ᠬᠦᠢᠲᠡᠨ ᠲᠠᠮᠤ ᠶ᠋ᠢ ᠴᠢᠭᠯᠡᠨ ᠠᠯᠭᠤᠷᠬᠠᠨ ᠠᠶᠠᠯᠠᠪᠠ᠃ ᠮᠠᠰᠢᠨ ᠮᠠᠨᠢ ᠬᠦᠴᠢᠷᠲᠡᠢᠬᠡᠨ ᠤᠷᠤᠭᠰᠢᠯᠠᠵᠤ᠂ ᠬᠠᠶᠠ ᠵᠠᠷᠢᠮ ᠭᠦᠨ ᠰᠥᠬᠥ ᠲᠣᠭᠲᠠᠭᠰᠠᠨ ᠭᠠᠵᠠᠷ ᠢ᠋ ᠲᠣᠭᠣᠷᠢᠨ ᠶᠠᠪᠤᠭᠰᠠᠭᠠᠷ ᠪᠠᠢᠪᠠ᠃ ᠦᠳᠡ ᠶ᠋ᠢᠨ ᠬᠣᠢᠨ᠎ᠠ ᠪᠢᠳᠡ ᠠᠩᠬᠠᠨ ᠤ᠋ ᠮᠣᠩᠭᠣᠯ ᠠᠢᠯ ᠤ᠋ᠨ ᠪᠠᠷ᠎ᠠ ᠶ᠋ᠢ ᠬᠠᠷᠠᠯ᠎ᠠ᠃ ᠮᠧᠲ᠋ᠷ ᠢᠯᠡᠭᠦᠦ ᠴᠠᠰᠤ ᠭᠡᠷ ᠢ᠋ ᠲᠣᠭᠣᠷᠢᠨ ᠰᠥᠭᠥᠯᠡᠵᠦ᠂ ᠪᠣᠷᠣ ᠭᠡᠷ ᠦ᠋ᠨ ᠣᠷᠣᠢ ᠨᠢ ᠴᠠᠭᠠᠨ ᠴᠠᠰᠤᠨ ᠤ᠋ ᠳᠤᠮᠳᠠ ᠲᠣᠮᠣ ᠮᠠᠯᠠᠭᠠᠢ ᠮᠡᠲᠦ ᠬᠠᠷᠠᠭᠳᠠᠬᠤ ᠠᠵᠢ᠃ ᠬᠥᠯᠳᠡᠬᠦ ᠰᠢᠬᠠᠭᠰᠠᠨ ᠡᠷ᠎ᠡ ᠶ᠋ᠢᠨ ᠬᠡᠯᠡᠭᠰᠡᠨ ᠨᠢ ᠵᠥᠪ ᠪᠠᠢᠨ᠎ᠠ᠃ ᠨᠢᠳᠦᠨ ᠡᠮᠦᠨᠡᠬᠢ ᠲᠣᠳᠣᠷᠠᠨ ᠪᠠᠢᠭ᠎ᠠ ᠪᠠᠢᠳᠠᠯ ᠢ᠋ ᠬᠠᠷᠠᠬᠤ ᠳ᠋ᠤ᠌ ᠬᠠᠷᠠᠭ᠎ᠠ ᠬᠠᠯᠢᠷᠠᠵᠤ ᠪᠠᠢᠪᠠ᠃ 

       ᠭᠡᠷ ᠦ᠋ᠨ ᠲᠣᠭᠣᠷᠢᠨ ᠳ᠋ᠤ᠌ ᠬᠣᠨᠢᠨ ᠤ᠋ ᠦᠬᠦᠳᠡᠯ ᠦ᠋ᠨ ᠣᠪᠣᠭ᠎ᠠ ᠪᠠᠷ ᠳᠦᠭᠦᠷᠴᠦ᠂ ᠮᠥᠨ ᠦᠬᠦᠳᠡᠯ ᠦ᠋ᠨ ᠬᠠᠷ᠎ᠠ ᠬᠠᠷ᠎ᠠ ᠲᠣᠯᠪᠣ ᠨᠤᠭᠤᠳ ᠬᠥᠳᠡᠭᠡ ᠲᠠᠯ᠎ᠠ ᠳ᠋ᠤ᠌ ᠬᠦᠷᠲᠡᠯ᠎ᠡ ᠦᠷᠭᠦᠯᠵᠢᠯᠡᠨ᠎ᠡ᠃ ᠡᠨᠡ ᠨᠢ ᠮᠠᠯ ᠰᠦᠷᠦᠭ ᠥᠯᠪᠡᠷᠦᠯ ᠤᠰᠤᠭᠤᠳᠠᠯ ᠤ᠋ᠨ ᠡᠮᠦᠨᠡᠬᠡᠨ ᠪᠣᠯᠲᠠᠯ᠎ᠠ ᠬᠥᠳᠡᠭᠡ ᠲᠠᠯ᠎ᠠ ᠳ᠋ᠤ᠌ ᠡᠪᠡᠰᠦᠨ ᠦ᠌ ᠡᠷᠢᠯ ᠳ᠋ᠦ᠍ ᠭᠠᠷᠤᠭᠰᠠᠨ ᠤ᠋ ᠲᠡᠮᠳᠡᠭ ᠪᠠᠢᠪᠠ᠃ ᠰᠠᠯᠬᠢ ᠬᠥᠳᠡᠯᠦᠨ ᠬᠦᠴᠦᠲᠡᠢ ᠰᠢᠭᠤᠷᠭ᠎ᠠ ᠬᠠᠢᠷ᠎ᠠ ᠨᠠᠢᠷ ᠦᠭᠡᠢ ᠭᠤᠶᠠᠳᠠᠯᠠᠬᠤ ᠳ᠋ᠤᠨᠢ ᠲᠦᠩᠬᠦᠢᠭᠰᠡᠨ ᠮᠠᠯ ᠤ᠋ᠨ ᠦᠬᠦᠳᠡᠯ ᠪᠤᠶᠤ ᠦᠬᠦᠭᠰᠡᠨ ᠮᠠᠯ ᠤ᠋ᠳ ᠤ᠋ᠨ ᠲᠣᠯᠣᠭᠠᠢ᠂ ᠰᠢᠭᠢᠷ᠎ᠡ ᠨᠢ ᠠᠳᠠ ᠲᠡᠨᠳᠡ ᠴᠠᠰᠤᠨ ᠠ᠋ᠴᠠ ᠪᠤᠯᠲᠠᠢᠵᠤ ᠬᠠᠷᠠᠭᠳᠠᠨ᠎ᠠ᠃ 

       ᠮᠣᠩᠭᠣᠯ ᠭᠡᠷ ᠦ᠋ᠨ ᠡᠭᠦᠳᠡᠨ ᠦ᠌ ᠲᠤᠰᠢᠶ᠎ᠠ ᠨᠢᠭᠡ ᠰᠤᠯᠳᠠᠢᠭᠰᠠᠨ ᠡᠷ᠎ᠡ ᠨᠢᠳᠦ ᠪᠡᠨ ᠠᠨᠢᠨ ᠬᠠᠨ᠎ᠠ ᠲᠦᠰᠢᠵᠦ ᠵᠣᠭᠰᠣᠨ᠎ᠠ᠃ ᠪᠢᠳᠡᠨ ᠦ᠌ ᠦᠭᠡ ᠶᠠᠷᠢᠶ᠎ᠠ ᠨᠢ ᠲᠡᠭᠦᠨ ᠢ᠋ ᠰᠡᠷᠡᠭᠡᠵᠦ ᠳᠡᠢᠯᠦᠭᠰᠡᠨ ᠦᠭᠡᠢ ᠪᠥᠭᠡᠳ ᠮᠠᠰᠢᠨ ᠤ᠋ ᠮᠣᠲ᠋ᠣᠷ ᠤ᠋ᠨ ᠳᠠᠭᠤᠨ᠂ ᠯᠠᠪᠠᠷ ᠤ᠋ᠨ ᠳᠠᠭᠤᠨ ᠴᠤ᠌ ᠲᠡᠭᠦᠨ ᠢ᠋ ᠰᠡᠷᠡᠭᠡᠵᠦ ᠳᠡᠢᠯᠦᠭᠰᠡᠨ ᠦᠭᠡᠢ᠃ ᠡᠨᠡ ᠬᠥᠮᠦᠨ ᠵᠣᠭᠰᠣᠭ᠎ᠠ ᠪᠠᠷ ᠢ᠋ᠶ᠋ᠠᠨ ᠬᠥᠯᠳᠡᠭᠰᠡᠨ ᠶᠦᠮ ᠤᠤ ? ᠡᠰᠡᠪᠡᠯ ᠲᠡᠭᠦᠨ ᠦ᠌ ᠪᠣᠳᠣᠯ ᠰᠡᠳᠬᠢᠯ ᠨᠢ ᠥᠭᠡᠷ᠎ᠡ ᠶᠢᠷᠲᠢᠨᠴᠦ ᠳ᠋ᠦ᠍ ᠤᠳᠤᠭᠠᠳ᠂ ᠪᠠᠰᠠ ᠨᠢᠭᠡᠨ ᠰᠢᠨ᠎ᠡ ᠭᠠᠢ ᠪᠠᠷᠴᠢᠳ ᠢᠷᠡᠵᠦ ᠶᠠᠪᠤᠭ᠎ᠠ ᠭᠡᠵᠦ ᠪᠣᠳᠣᠭ᠎ᠠ ᠤᠤ ?  ᠣᠳᠣ ᠪᠣᠯᠲᠠᠯ᠎ᠠ ᠬᠥᠳᠡᠯᠬᠦ ᠦᠭᠡᠢ ᠪᠠᠢᠭᠰᠠᠭᠠᠷ᠃ ᠲᠡᠷᠡ ᠬᠥᠮᠦᠨ ᠥᠪᠡᠷ ᠦ᠋ᠨ ᠪᠦᠬᠦ ᠬᠥᠷᠥᠩᠭᠡ ᠮᠠᠯ᠂ ᠭᠡᠷ ᠪᠦᠯᠢ ᠶ᠋ᠢ ᠬᠢᠨ ᠢ᠋ᠶ᠋ᠡᠨ ᠠᠯᠳᠠᠭᠠᠳ ᠥᠪᠡᠷ ᠢ᠋ᠶ᠋ᠡᠨ ᠠᠮᠢ ᠨᠠᠰᠤᠨ ᠤ᠋ ᠪᠠᠨ ᠡᠴᠦᠰ ᠲᠦ᠍ ᠬᠦᠷᠦᠯ᠎ᠡ ᠭᠡᠵᠦ ᠲᠣᠭᠠᠴᠠᠭᠠᠯᠠᠭᠰᠠᠨ ᠴᠤ᠌ ᠶᠤᠮ ᠤᠤ ? 

       ᠪᠢᠳᠡ ᠲᠡᠭᠦᠨ ᠦ᠌ ᠪᠠᠷᠤᠭ ᠯᠠ ᠬᠥᠯᠳᠡᠭᠰᠡᠨ ᠭᠠᠷ ᠢ᠋ ᠪᠠᠷᠢᠵᠤ᠂ ᠬᠠᠴᠠᠷ ᠢ᠋ ᠨᠢ ᠬᠥᠳᠡᠯᠭᠡᠪᠡ᠃ ᠠᠮᠢᠳᠤ ᠪᠠᠢᠨ᠎ᠠ᠃ ᠨᠢᠳᠦ ᠪᠡᠨ ᠠᠨᠢᠭᠰᠠᠨ ᠴᠢᠭ ᠲᠡᠭᠡᠨ ᠠᠮᠠᠨ ᠳ᠋ᠠᠭᠠᠨ : 《ᠣᠮ ᠮᠠᠨᠢ ᠪᠠᠳ ᠮᠠᠢ ᠬᠣᠩ᠂ ᠣᠮ ᠮᠠᠨᠢ ᠪᠠᠳ ᠮᠠᠢ ᠬᠣᠩ 》 ᠭᠡᠮᠡᠨ ᠳᠦᠳᠦᠨᠡᠨ᠎ᠡ᠃ ᠭᠡᠬᠦ ᠳ᠋ᠦ᠍ ᠭᠠᠷ ᠳᠠᠬᠢ ᠡᠷᠢᠭᠡ ᠪᠡᠨ ᠲᠣᠭᠠᠯᠠᠬᠤ ᠴᠢᠳᠠᠯ ᠦᠭᠡᠢ ᠪᠣᠯᠤᠭᠰᠠᠨ ᠨᠢ ᠢᠯᠡᠳᠲᠡ ᠪᠠᠢᠯ᠎ᠠ᠃ ᠡᠨᠡ ᠭᠡᠷ ᠳᠣᠲᠣᠷᠠᠬᠢ ᠮᠡᠲᠦ ᠬᠦᠨᠳᠦ ᠰᠦᠷᠡᠬᠡᠢ ᠨᠢᠳᠦ ᠬᠠᠯᠲᠤᠷᠢᠮ᠎ᠠ ᠭᠠᠵᠠᠷ ᠢ᠋ ᠪᠢ ᠶᠡᠷᠦ ᠡᠴᠡ ᠣᠯᠵᠤ ᠬᠠᠷᠠᠭ᠎ᠠ ᠦᠭᠡᠢ᠃ ᠪᠦᠰᠡᠭᠦᠢᠴᠤᠯ ᠬᠡᠦᠬᠡᠳ ᠦ᠋ᠳ ᠨᠢ ᠥᠯᠪᠡᠷᠬᠦ ᠳ᠋ᠡᠭᠡᠨ ᠰᠢᠬᠠᠵᠤ᠂ ᠭᠠᠯ ᠨᠢ ᠵᠠᠮᠬᠠᠷᠠᠭᠰᠠᠨ ᠬᠦᠢᠲᠡᠨ ᠲᠤᠯᠭ᠎ᠠ ᠪᠠᠨ ᠲᠣᠭᠣᠷᠢᠨ ᠰᠤᠯᠳᠠᠢᠨ ᠬᠡᠪᠲᠡᠵᠡᠭᠡᠵᠦ ᠪᠠᠢᠪᠠ᠃ ᠲᠡᠳᠡᠨ ᠳ᠋ᠦ᠍ ᠨᠠᠭᠠᠳᠤ ᠵᠠᠬ᠎ᠠ ᠳ᠋ᠠᠭᠠᠨ ᠪᠢᠳᠡᠨ ᠤᠷᠤᠭᠤ ᠵᠦᠳᠡᠷᠡᠯᠲᠡᠢ ᠨᠢᠳᠦ ᠪᠡᠷ ᠢ᠋ᠶ᠋ᠡᠨ ᠭᠠᠭᠴᠠ ᠤᠳᠠᠭ᠎ᠠ ᠰᠢᠷᠲᠡᠬᠦ ᠪᠤᠶᠤ ᠭᠠᠷ ᠢ᠋ᠶ᠋ᠠᠨ ᠬᠥᠳᠡᠯᠭᠡᠬᠦ ᠴᠢᠳᠠᠯ ᠴᠤ᠌ ᠠᠯᠠᠭ᠎ᠠ ᠪᠣᠯᠤᠭᠰᠠᠨ ᠪᠠᠢᠪᠠ᠃ ᠭᠤᠷᠪᠠ ᠳᠥᠷᠪᠡᠨ ᠬᠣᠨᠢ ᠭᠡᠷ ᠲᠦ᠍ ᠬᠥᠮᠦᠰ ᠲᠡᠢ ᠴᠣᠭ ᠪᠠᠢᠬᠤ ᠪᠥᠭᠡᠳ ᠮᠥᠨ ᠲᠤᠢᠯ ᠳ᠋ᠠᠭᠠᠨ ᠬᠦᠷᠲᠡᠯ᠎ᠡ ᠥᠯᠥᠰᠴᠦ ᠥᠯᠪᠡᠷᠦᠭᠰᠡᠨ ᠪᠠᠢᠪᠠ᠃ ᠲᠡᠳᠡᠨ ᠦ᠌ ᠬᠠᠯᠠᠭᠤᠨ ᠨᠣᠣᠰᠣᠨ ᠳ᠋ᠤ᠌ ᠬᠡᠦᠬᠡᠳ ᠦ᠋ᠳ ᠨᠢ ᠰᠢᠷᠭᠤᠨ ᠬᠡᠪᠲᠡᠵᠡᠭᠡᠵᠦ᠂ ᠪᠤᠵᠠᠷ ᠪᠤᠷᠲᠠᠭ ᠮᠥᠷᠲᠡᠭᠡᠨ ᠰᠤᠯᠠᠷᠠᠵᠤ ᠳᠣᠷᠣᠢᠲᠠᠭᠰᠠᠨ ᠠ᠋ᠴᠠ ᠪᠣᠯᠵᠤ ᠬᠣᠩᠬᠣᠢᠭᠰᠠᠨ ᠨᠢᠳᠦ ᠨᠢ ᠪᠦᠷᠦᠩᠬᠦᠢ ᠭᠡᠷ ᠦ᠋ᠨ ᠣᠨᠢ ᠶ᠋ᠢ ᠭᠥᠯᠢᠷᠡᠨ ᠰᠢᠷᠳᠡᠨ᠎ᠡ᠃ ᠨᠠᠮᠠᠶ᠋ᠢ ᠪᠡᠶ᠎ᠡ ᠪᠡᠨ ᠡᠷᠭᠢᠬᠦ ᠳ᠋ᠦ᠍ ᠡᠭᠦᠳᠡᠨ ᠦ᠌ ᠬᠠᠵᠠᠭᠤ ᠳ᠋ᠤ᠌ ᠨᠢᠭᠡᠨᠲᠡ ᠬᠦᠷᠦᠵᠦ ᠬᠥᠰᠢᠭᠰᠡᠨ ᠡᠮᠡᠭᠡ ᠵᠢᠴᠢ ᠬᠣᠶᠠᠷ ᠬᠥᠭᠡᠷᠦᠬᠦᠨ ᠪᠠᠭ᠎ᠠ ᠬᠡᠦᠬᠡᠳ ᠦ᠋ᠨ ᠴᠣᠭᠴᠠᠰ ᠨᠢ ᠬᠠᠷᠠᠭᠳᠠᠪᠠ᠃ ᠬᠡᠳᠦᠬᠡᠨ ᠰᠠᠷ᠎ᠠ ᠶ᠋ᠢᠨ ᠡᠮᠦᠨ᠎ᠡ ᠪᠢ ᠡᠳᠡᠭᠡᠷ ᠬᠡᠦᠬᠡᠳ ᠢ᠋ ᠲᠡᠪᠡᠷᠢᠨ ᠦᠨᠦᠰᠴᠦ ᠪᠠᠢᠭᠰᠠᠨ ᠶᠤᠮᠰᠠᠨ᠃ ᠭᠡᠬᠦ ᠳ᠋ᠦ᠍ ᠲᠡᠳᠡ ᠣᠳᠣ ᠡᠨᠡ ᠬᠡᠴᠡᠭᠦᠦ ᠵᠤᠳ ᠤ᠋ᠨ ᠦᠷᠡᠭᠳᠡᠭᠰᠡᠳ ᠪᠣᠯᠵᠠᠢ᠃ 

       - ᠪᠢᠳᠡᠨ ᠢ᠋ ᠦᠬᠦᠭᠦᠯᠦᠭᠡᠰᠡᠢ!  ᠶᠠᠭᠤᠨ ᠤ᠋ ᠲᠥᠯᠥᠭᠡ ᠠᠮᠢ ᠨᠠᠰᠤ ᠶ᠋ᠢ ᠮᠠᠨᠢ ᠤᠷᠲᠤᠳᠬᠠᠨ᠎ᠠ ᠳᠠ ?  ᠪᠢᠳᠡᠨ ᠦ᠌ ᠬᠣᠨᠢ ᠦᠬᠦᠵᠦ ᠳᠠᠭᠤᠰᠪᠠ᠃ ᠬᠣᠨᠢ ᠦᠭᠡᠢ ᠪᠡᠷ ᠪᠢᠳᠡ ᠴᠦ᠍ ᠠᠮᠢᠳᠤᠷᠠᠵᠤ ᠳᠡᠢᠯᠬᠦ ᠪᠢᠰᠢ᠃ ᠪᠤᠷᠬᠠᠨ ᠲᠡᠭᠷᠢ ᠪᠢᠳᠡᠨ ᠢ᠋ ᠰᠢᠢᠳᠬᠡᠵᠦ ᠪᠠᠢᠭ᠎ᠠ ᠪᠣᠯᠬᠣᠷ ᠲᠡᠭᠦᠨ ᠦ᠌ ᠰᠠᠨᠠᠭ᠎ᠠ ᠶ᠋ᠢ ᠳᠠᠭᠠᠬᠤ ᠯᠠ ᠶᠣᠰᠣ ᠲᠠᠢ ᠭᠡᠵᠦ ᠵᠠᠯᠠᠭᠤᠬᠠᠨ ᠪᠦᠰᠡᠭᠦᠢ ᠪᠢᠳᠡᠨ ᠢ ᠬᠡᠦᠬᠡᠳ ᠦ᠋ᠨ ᠬᠥᠬᠡᠷᠡᠭᠰᠡᠨ ᠤᠷᠤᠭᠤᠯ ᠢ᠋ ᠬᠥᠰᠢᠨ ᠨᠡᠭᠡᠭᠡᠵᠦ ᠬᠠᠯᠠᠭᠤᠨ ᠰᠦ ᠴᠢᠳᠬᠤᠬᠤ ᠭᠡᠮᠡᠨ ᠤᠷᠤᠯᠳᠤᠵᠤ ᠪᠠᠢᠬᠤ ᠦᠶ᠎ᠡ ᠳ᠋ᠦ᠍ ᠭᠣᠩᠰᠢᠵᠤ ᠭᠠᠷᠪᠠ᠃ 

       ᠪᠦᠬᠦ ᠥᠯᠥᠰᠬᠦᠯᠡᠩ ᠬᠥᠮᠦᠰ ᠢ᠋ ᠬᠠᠯᠠᠭᠤᠨ ᠵᠤᠲᠠᠩ ᠢ᠋ᠶ᠋ᠠᠷ ᠴᠠᠳᠬᠠᠨ᠎ᠠ ᠭᠡᠵᠦ ᠪᠢᠳᠡ ᠶᠡᠬᠡ ᠤᠳᠠᠭᠠᠨ ᠠᠵᠢᠯᠯᠠᠪᠠ᠃ ᠠᠪᠴᠢᠷᠠᠭᠰᠠᠨ ᠲᠦᠯᠡᠭᠡ ᠪᠡᠷ ᠭᠠᠯ ᠨᠣᠴᠣᠭᠠᠭᠰᠠᠨ ᠳ᠋ᠤ᠌ ᠲᠡᠳᠡ ᠴᠦ᠍ ᠬᠣᠢᠨ᠎ᠠ ᠬᠣᠢᠨ᠎ᠠ ᠡᠴᠡ ᠪᠡᠨ ᠣᠢᠷᠠᠲᠤᠨ ᠢᠷᠡᠵᠡᠭᠡᠪᠡ᠃ ᠲᠡᠳᠡᠨ ᠦ᠌ ᠳᠤᠮᠳᠠ ᠮᠢᠨᠦ ᠨᠠᠢᠵᠠ ᠴᠣᠭᠲᠤ ᠪᠠᠢᠪᠠ᠃ ᠲᠡᠭᠦᠨ ᠲᠡᠢ ᠲᠦᠷᠦᠭᠦᠦ ᠵᠤᠨ ᠲᠠᠯ᠎ᠠ ᠳᠡᠭᠡᠷ᠎ᠡ ᠮᠣᠷᠢᠨ ᠨᠢᠷᠤᠭᠤᠨ ᠳᠡᠭᠡᠷ᠎ᠡ ᠣᠮᠣᠭᠲᠠᠢ ᠶᠠᠪᠤᠵᠤ ᠪᠠᠢᠬᠤ ᠳ᠋ᠤᠨᠢ ᠠᠭᠤᠯᠵᠠᠵᠤ ᠪᠠᠢᠭᠰᠠᠨ ᠪᠢᠯᠡ᠃ 

       - ᠴᠢ ᠠᠳᠠ ᠶᠠᠭᠤ ᠬᠢᠬᠦ ᠪᠡᠷ ᠢᠷᠡᠪᠡ ? ᠭᠡᠵᠦ ᠲᠡᠭᠦᠨ ᠡᠴᠡ ᠠᠰᠠᠭᠤᠬᠤ ᠳ᠋ᠤ᠌ : 

       - ᠮᠢᠨᠦ ᠬᠣᠨᠢᠨ ᠰᠦᠷᠦᠭ ᠦᠬᠦᠵᠦ ᠳᠠᠭᠤᠰᠪᠠ᠃ ᠭᠤᠷᠪᠠᠨ ᠵᠠᠭᠤ ᠰᠢᠦ ᠳᠡ᠃ ᠪᠦᠰᠡᠭᠦᠢ ᠮᠢᠨᠢ ᠴᠦ᠍ ᠨᠠᠰᠤ ᠪᠠᠷᠠᠪᠠ᠃ ᠬᠡᠦᠬᠡᠳ ᠮᠢᠨᠢ ᠡᠭᠦᠳᠡ ᠪᠡᠷ ᠭᠠᠷᠤᠭᠠᠳ ᠠᠬᠢᠵᠤ ᠪᠤᠴᠠᠵᠤ ᠢᠷᠡᠭᠡ ᠦᠭᠡᠢ᠂ ᠥᠯᠥᠰᠬᠦᠯᠡᠩ ᠴᠢᠨᠣ᠎ᠠ ᠯᠠ ᠲᠠᠲᠠᠵᠠᠢ᠃ ᠲᠣᠩᠷᠣᠪ ᠭᠣᠮᠪᠣ ᠬᠣᠶᠠᠷ ᠢ᠋ ᠴᠢ ᠴᠦ᠍ ᠲᠠᠨᠢᠨ᠎ᠠ ᠰᠢᠦ ᠳᠡ᠂ ᠪᠢᠳᠡ ᠭᠤᠷᠪᠠᠭᠤᠯᠠ ᠪᠣᠯᠤᠭᠠᠳ ᠡᠮᠦᠨ᠎ᠡ ᠵᠦᠭ ᠢ᠋ ᠵᠣᠷᠢᠭᠰᠠᠨ᠃ ᠲᠡᠷᠡ ᠬᠣᠶᠠᠷ ᠵᠠᠮ ᠳ᠋ᠠᠭᠠᠨ ᠬᠠᠶᠠᠭᠳᠠᠭᠰᠠᠨ᠃ ᠪᠢ ᠪᠣᠯ ᠴᠣᠷ ᠤ᠋ᠨ ᠭᠠᠭᠴᠠ ᠠᠳᠠ ᠬᠦᠷᠲᠡᠯ᠎ᠡ ᠲᠤᠭᠤᠯᠵᠤ ᠢᠷᠡᠭᠰᠡᠨ ᠬᠥᠮᠦᠨ᠃ ᠮᠥᠨ ᠲᠡᠭᠡᠭᠡᠳ ᠣᠳᠣ ᠴᠤ᠌ ᠡᠴᠦᠰ ᠲᠡᠭᠡᠨ ᠲᠤᠯᠬᠤ ᠣᠢᠷᠠᠳᠵᠤ ᠪᠠᠢᠨ᠎ᠠ᠃ ᠣᠮᠣᠭᠲᠠᠢ ᠴᠣᠭᠲᠤ ᠶ᠋ᠢ ᠠᠬᠢᠵᠤ ᠲᠠᠨᠢᠬᠤ ᠳ᠋ᠤ᠌ ᠪᠡᠷᠬᠡ ᠪᠣᠯᠵᠠᠢ᠃ 

       - ᠠᠳᠤᠭᠤ ᠴᠢᠨᠢ ᠲᠡᠭᠡᠭᠡᠳ ᠶᠠᠭᠠᠬᠢᠪᠠ ? 

       - ᠮᠢᠨᠦ ᠳᠡᠭᠦᠦ ᠠᠪᠤᠭᠠᠳ ᠵᠡᠭᠦᠨᠰᠢ ᠶᠠᠪᠤᠭᠰᠠᠨ ᠶᠤᠮ᠃ ᠲᠡᠨᠳᠡ ᠴᠦ᠍ ᠭᠡᠰᠡᠨ ᠬᠡᠴᠡᠭᠦᠦ ᠵᠤᠳ ᠪᠣᠯᠵᠤ ᠪᠡᠯᠴᠢᠭᠡᠷ ᠴᠦ᠍ ᠪᠦᠷ ᠴᠠᠰᠤᠨ ᠳ᠋ᠤ᠌ ᠳᠠᠷᠤᠭᠳᠠᠭᠰᠠᠨ ᠪᠠᠢᠭ᠎ᠠ ᠳᠠ᠃ ᠪᠢᠳᠡ ᠪᠠᠶᠠᠵᠢᠵᠤ ᠥᠩᠭᠡᠷᠡᠭᠡ ᠦᠭᠡᠢ᠂ ᠣᠳᠣ ᠪᠣᠯᠬᠤ ᠳ᠋ᠤ᠌ ᠪᠠᠳᠢᠷᠴᠢ ᠠ᠋ᠴᠠ ᠴᠤ᠌ ᠴᠠᠭᠠᠰᠢ ᠶᠠᠳᠠᠭᠤ ᠪᠣᠯᠵᠠᠢ᠃ ᠶᠠᠭᠤᠨ ᠳ᠋ᠤ᠌ ᠪᠤᠷᠬᠠᠨ ᠲᠡᠭᠷᠢ ᠪᠢᠳᠡᠨ ᠢ ᠢᠩᠭᠢᠵᠦ ᠰᠢᠢᠳᠬᠡᠭᠡᠳ ᠪᠠᠢᠭ᠎ᠠ ᠶ᠋ᠢ ᠶᠠᠷᠢᠭᠠᠳ ᠠᠯᠢ ᠳᠠ ? 

       ᠨᠠᠳᠠ ᠳ᠋ᠤ᠌ ᠶᠠᠷᠢᠮᠠᠷ ᠶᠠᠭᠤᠮ᠎ᠠ ᠠᠯᠠᠭ᠎ᠠ ᠪᠣᠯᠵᠠᠢ᠃ ᠦᠳᠡᠰᠢ ᠶ᠋ᠢᠨ ᠰᠠᠷᠠ ᠮᠠᠨᠳᠤᠵᠤ᠂ ᠣᠳᠣ ᠲᠦᠭᠡᠭᠰᠡᠨ ᠦ᠌ ᠬᠣᠢᠨ᠎ᠠ ᠪᠢ ᠭᠠᠳᠠᠭ᠎ᠠ ᠭᠠᠷᠪᠠ᠃ ᠡᠨᠡ ᠬᠦ᠌ ᠦᠬᠦᠳᠡᠯ ᠦ᠋ᠨ ᠲᠠᠯᠠᠪᠠᠢ ᠨᠢ ᠭᠡᠷ ᠦ᠋ᠨ ᠡᠭᠦᠳᠡᠨ ᠡᠴᠡ ᠠᠪᠤᠭᠠᠳ ᠬᠥᠳᠡᠭᠡ ᠲᠠᠯ᠎ᠠ ᠬᠦᠷᠲᠡᠯ᠎ᠡ ᠦᠷᠭᠦᠯᠵᠢᠯᠡᠵᠡᠢ᠃ ᠶᠠᠮᠠᠷ ᠬᠦᠨᠳᠦ ᠰᠦᠷᠡᠬᠡᠢ ᠵᠣᠪᠠᠯᠠᠩ ᠲᠠᠢ ᠤᠴᠠᠷᠠᠯ ᠡᠨᠡ ᠨᠢᠭᠡ ᠦᠨᠳᠦᠰᠦᠲᠡᠨ ᠳ᠋ᠦ᠍ ᠲᠠᠭᠠᠷᠠᠯᠳᠤᠵᠤ ᠪᠠᠢᠭ᠎ᠠ ᠪᠣᠢ ! ᠮᠥᠨ ᠲᠡᠭᠡᠭᠡᠳ ᠲᠡᠳᠡ ᠡᠨᠡ ᠪᠦᠬᠦᠨ ᠢ ᠲᠡᠭᠷᠢ ᠡᠴᠡ ᠪᠠᠭᠤᠯᠭᠠᠵᠤ ᠪᠠᠢᠭ᠎ᠠ ᠰᠢᠢᠳᠬᠡᠯ ᠭᠡᠮᠡᠨ ᠣᠢᠯᠠᠭᠠᠵᠤ ᠪᠠᠢᠭ᠎ᠠ ᠨᠢ ! 

       - ᠪᠢᠳᠡ ᠶᠠᠭᠤ ᠬᠢᠪᠡ ? ᠶᠠᠭᠤᠨ ᠳ᠋ᠤ᠌ ᠪᠢᠳᠡᠨ ᠢ᠋ ᠢᠩᠭᠢᠵᠦ ᠳᠣᠷᠣᠢᠲᠠᠭᠤᠯᠪᠠ ? ᠭᠡᠵᠦ ᠨᠢᠭᠡ ᠵᠠᠯᠠᠭᠤ ᠨᠠᠳᠠ ᠠ᠋ᠴᠠ ᠠᠰᠠᠭᠤᠪᠠ᠃ 

       - ᠲᠠ ᠨᠠᠷ ᠳᠣᠷᠣᠢᠲᠠᠭ᠎ᠠ ᠦᠭᠡᠢ᠂ ᠲᠤᠰᠠᠯᠠᠮᠵᠢ ᠵᠠᠮ ᠳ᠋ᠤ᠌ ᠶᠠᠪᠤᠭ᠎ᠠ ᠭᠡᠵᠦ ᠲᠠᠢᠳᠬᠤᠷᠠᠭᠤᠯᠬᠤ ᠶ᠋ᠢ ᠪᠣᠳᠣᠨ ᠪᠢ ᠬᠠᠷᠢᠭᠤᠯᠤᠯ᠎ᠠ᠃ 

       - ᠲᠤᠰᠠᠯᠠᠮᠵᠢ ? ᠡᠢᠮᠦ ᠨᠢᠭᠡᠨ ᠡᠪᠦᠯ ᠪᠣᠯ ᠨᠢᠭᠡ ᠦᠨᠳᠦᠰᠦᠲᠡᠨ ᠦ᠌ ᠪᠦᠬᠦ ᠠᠮᠢᠳᠤᠷᠠᠯ ᠢ᠋ ᠦᠭᠡᠢ ᠬᠢᠵᠦ ᠣᠷᠬᠢᠨ᠎ᠠ᠃ ᠬᠡᠨ ᠬᠡᠷᠪᠡ ᠬᠦᠨᠡᠰᠦ᠂ ᠬᠣᠨᠢ ᠵᠡᠷᠭᠡ ᠶ᠋ᠢ ᠥᠯᠥᠰᠴᠦ ᠥᠯᠪᠡᠷᠦᠭᠰᠡᠨ ᠭᠡᠷ ᠦ᠋ᠳ ᠲᠦ᠍ ᠬᠦᠷᠭᠡᠵᠦ ᠥᠭᠳᠡᠭ ᠪᠣᠯ ᠪᠢᠳᠡ ᠲᠡᠭᠦᠨ ᠢ᠋ ᠯᠡ ᠳᠠᠭᠠᠬᠤ ᠪᠣᠯᠤᠨ᠎ᠠ᠃ ᠲᠡᠢᠨ ᠪᠠᠢᠯᠳᠤᠭᠠᠨ ᠬᠡᠷᠡᠭ ᠠᠯᠠᠭ᠎ᠠ᠂ ᠴᠡᠷᠢᠭᠯᠡᠨ ᠡᠵᠡᠯᠡᠯᠲᠡ ᠨᠡᠩ ᠴᠦ᠍ ᠬᠡᠷᠡᠭ ᠠᠯᠠᠭ᠎ᠠ᠃ ᠨᠢᠭᠡ ᠬᠡᠳᠦᠨ ᠬᠣᠨᠢᠨ ᠰᠦᠷᠦᠭ᠂ ᠬᠡᠳᠦᠨ ᠮᠢᠩᠭᠠᠨ ᠦᠨᠢᠶ᠎ᠡ ᠪᠠᠢᠬᠤ ᠨᠢ ᠡᠨᠡ ᠭᠠᠵᠠᠷ ᠪᠠᠢᠭ᠎ᠠ ᠬᠥᠮᠦᠰ ᠢ᠋ ᠦᠬᠦᠯ ᠮᠥᠬᠥᠯ ᠡᠴᠡ ᠠᠪᠤᠷᠠᠵᠤ ᠳᠡᠢᠯᠬᠦ ᠪᠥᠭᠡᠳ ᠮᠣᠩᠭᠣᠯᠴᠤᠳ ᠦᠬᠦᠨ ᠦᠬᠦᠲᠡᠯ᠎ᠡ ᠪᠡᠨ ᠵᠢᠷᠦᠬᠡ ᠰᠡᠳᠬᠢᠯ ᠡᠴᠡ ᠪᠡᠨ ᠲᠠᠯᠠᠷᠬᠠᠬᠤ ᠶᠤᠮ᠃ ᠡᠴᠢᠭᠡ ᠶ᠋ᠢᠨ ᠡᠷᠭᠦᠭᠰᠡᠨ ᠲᠠᠩᠭᠠᠷᠢᠭ ᠪᠣᠯ ᠦᠷ᠎ᠡ ᠬᠡᠦᠬᠡᠳ ᠲᠡᠭᠡᠨ ᠥᠨᠢᠳᠡ ᠶ᠋ᠢᠨ ᠳᠠᠷᠬᠠᠨ ᠪᠠᠢᠳᠠᠭ ᠪᠣᠯᠬᠣᠷ ᠮᠥᠨ ᠲᠡᠳᠡᠨ ᠦ᠌ ᠦᠷ᠎ᠡ ᠬᠡᠦᠬᠡᠳ ᠴᠦ᠍ ᠡᠨᠡ ᠲᠠᠯᠠᠷᠬᠠᠯ ᠢ᠋ ᠴᠡᠭᠡᠵᠢᠯᠡᠵᠦ ᠶᠠᠪᠤᠬᠤ ᠶᠤᠮ᠃ 

       ᠲᠡᠭᠦᠨ ᠦ᠌ ᠲᠡᠷᠯᠢᠭ ᠦ᠋ᠨ ᠬᠣᠷᠮᠣᠢ ᠶ᠋ᠢ ᠨᠢ ᠲᠠᠯ᠎ᠠ ᠶ᠋ᠢᠨ ᠰᠠᠯᠬᠢᠨ ᠳᠡᠷᠪᠡᠯᠵᠡᠭᠦᠯᠵᠦ᠂ ᠲᠡᠷᠡ ᠶᠠᠭ ᠯᠠ ᠰᠣᠭᠲᠣᠭᠤ ᠬᠥᠮᠦᠨ ᠰᠢᠭ ᠠᠯᠬᠤᠭᠰᠠᠭᠠᠷ ᠭᠡᠷ ᠲᠦ᠍ ᠣᠷᠣᠪᠠ᠃ 

       ᠲᠡᠳᠡᠨ ᠦ᠌ ᠢᠷᠡᠭᠡᠳᠦᠢ ᠴᠣᠬᠣᠮ ᠬᠡᠨ ᠳ᠋ᠦ᠍ ᠵᠠᠬᠢᠷᠤᠭᠳᠠᠬᠤ ᠪᠣᠯ ? ᠢᠯᠵᠢᠷᠡᠨ ᠳᠣᠷᠣᠢᠲᠠᠭᠰᠠᠨ ᠡᠷᠲᠡᠨ ᠦ᠌ ᠳᠤᠮᠳᠠᠳᠤ ᠤᠯᠤᠰ ᠲᠤ᠌ ᠤᠤ ? ᠬᠦᠴᠦᠷᠬᠡᠭᠵᠢᠨ ᠮᠠᠨᠳᠤᠵᠤ ᠪᠠᠢᠭ᠎ᠠ ᠶᠠᠫᠣᠨ ᠳ᠋ᠤ᠌ ᠤᠤ ? ᠡᠰᠡᠬᠦᠯ᠎ᠡ ᠳᠣᠷᠣᠨᠠᠰᠢ ᠥᠷᠭᠡᠳᠬᠡᠵᠦ ᠪᠠᠢᠭ᠎ᠠ ᠵᠥᠪᠯᠡᠯᠲᠦ ᠬᠣᠯᠪᠣᠭᠠᠲᠤ ᠤᠯᠤᠰ ᠲᠤ᠌ ᠤᠤ ? ᠬᠡᠳᠦᠨ ᠵᠠᠭᠤᠨ ᠵᠢᠯ ᠦ᠋ᠨ ᠡᠮᠦᠨ᠎ᠡ ᠳᠡᠯᠡᠬᠡᠢ ᠳᠡᠭᠡᠷᠡᠬᠢ ᠬᠠᠮᠤᠭ ᠤ᠋ᠨ ᠲᠣᠮᠣ ᠬᠠᠭᠠᠨᠲᠤ ᠤᠯᠤᠰ ᠢ᠋ ᠪᠠᠢᠭᠤᠯᠵᠤ ᠪᠠᠢᠭᠰᠠᠨ ᠡᠨᠡ ᠦᠨᠳᠦᠰᠦᠲᠡᠨ ᠤ ᠬᠤᠪᠢ ᠵᠠᠶᠠᠭ᠎ᠠ ᠶ᠋ᠢ ᠲᠣᠭᠲᠠᠭᠠᠬᠤ ᠱᠣ ᠪᠠᠰᠠ ᠯᠠ ᠪᠠᠭᠤᠭ᠎ᠠ ᠦᠭᠡᠢ ᠪᠠᠢᠭᠰᠠᠭᠠᠷ᠃