ᠪᠠᠬᠠᠷᠤᠮ᠎ᠠ ᠰᠠᠢᠬᠠᠨ ᠦᠵᠦᠮᠦᠴᠢᠨ-ᠪᠦᠷᠢᠨᠵᠢᠷᠭᠠᠯ᠂ ᠰᠡᠴᠡᠩᠭᠣᠸ᠎ᠠ Бахарам сайхан үзэмчин-Бүрэнжаргал,Сацангоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠬᠠᠷᠤᠮ᠎ᠠ ᠰᠠᠢᠬᠠᠨ ᠦᠵᠦᠮᠦᠴᠢᠨ-ᠪᠦᠷᠢᠨᠵᠢᠷᠭᠠᠯ᠂ ᠰᠡᠴᠡᠩᠭᠣᠸ᠎ᠠ Бахарам сайхан үзэмчин-Бүрэнжаргал,Сацангоо

ᠪᠠᠬᠠᠷᠤᠮ᠎ᠠ ᠰᠠᠢᠬᠠᠨ ᠦᠵᠦᠮᠦᠴᠢᠨ-ᠪᠦᠷᠢᠨᠵᠢᠷᠭᠠᠯ᠂ ᠰᠡᠴᠡᠩᠭᠣᠸ᠎ᠠ Бахарам сайхан үзэмчин-Бүрэнжаргал,Сацангоо

ᠠᠩᠭᠢᠯᠠᠯ:ᠳᠠᠭᠤᠤ ᠬᠥᠭᠵᠢᠮ
2024-07-25

2141

ᠪᠠᠬᠠᠷᠤᠮ᠎ᠠ ᠰᠠᠢᠬᠠᠨ ᠦᠵᠦᠮᠦᠴᠢᠨ

   ᠦᠭᠡ᠄ ᠨᠠ᠊᠂ ᠴᠢᠯᠠᠭᠤᠨᠪᠠᠭᠠᠲᠤᠷ  
   ᠠᠶ᠎ᠠ᠄ ᠲᠦ᠊᠂ ᠤᠯᠠᠭᠠᠨᠪᠠᠭᠠᠲᠤᠷ  
   ᠳᠠᠭᠤᠴᠢᠨ᠄ ᠪᠦᠷᠢᠨᠵᠢᠷᠭᠠᠯ᠂ ᠰᠡᠴᠡᠩᠭᠣᠸ᠎ᠠ  

《ᠠᠮᠤᠭᠤᠯᠠᠩᠲᠤ ᠲᠥᠷᠥ ᠶ᠋ᠢᠨ ᠲᠣᠪᠴᠢᠶᠠᠨ》
ᠳᠥᠷᠪᠡᠨ ᠴᠠᠭ ᠲᠠᠭᠠᠨ ᠰᠢᠷᠤᠩᠬᠠᠢ ᠲᠠᠢ  
ᠠᠯᠳᠠᠷ ᠮᠠᠨᠳᠤᠭᠰᠠᠨ ᠦᠵᠦᠮᠦᠴᠢᠨ  
ᠠᠷᠪᠠᠨ ᠵᠦᠭ ᠲᠡᠭᠡᠨ ᠴᠤᠤᠲᠠᠢ  
ᠪᠠᠬᠠᠷᠤᠮ᠎ᠠ ᠰᠠᠢᠬᠠᠨ ᠦᠵᠦᠮᠦᠴᠢᠨ  
ᠪᠠᠶᠠᠯᠢᠭ ᠳᠡᠭᠡᠷ᠎ᠡ ᠪᠡᠨ ᠭᠣᠶᠣᠬᠠᠨ  
ᠪᠤᠭᠤᠷᠤᠯ  ᠤ᠋ᠨ ᠦᠶ᠎ᠡ ᠡᠴᠡ ᠠᠮᠢᠳᠤᠷᠠᠭᠰᠠᠨ  
ᠪᠤᠶᠠᠨ ᠨᠢ ᠳᠡᠯᠭᠡᠷᠡᠬᠦᠨ ᠨᠤᠲᠤᠭ ᠠ᠋ ᠬᠦ  
ᠠᠢ ᠬᠦ᠂ ᠵᠧ ᠬᠦ  
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ  
ᠪᠤᠶᠠᠨ ᠨᠢ ᠳᠡᠯᠭᠡᠷᠡᠬᠦᠨ ᠨᠤᠲᠤᠭ ᠠ᠋ ᠬᠦ  

ᠠᠪᠤᠷᠭᠤ ᠪᠥᠬᠡ ᠶ᠋ᠢᠨ ᠥᠯᠥᠭᠡᠢ
ᠳᠦᠭᠦᠷᠡᠩᠵᠠᠭᠠᠨ ᠤ᠋ ᠳᠣᠮᠣᠭ ᠲᠠᠢ
ᠤᠷᠲᠤ ᠶ᠋ᠢᠨ ᠳᠠᠭᠤᠨ ᠤ᠋ ᠡᠭᠡᠰᠢᠭ
ᠲᠦᠪᠰᠢᠨ ᠵᠢᠷᠭᠠᠯ ᠤ᠋ᠨ ᠪᠡᠯᠭᠡ ᠲᠡᠢ
ᠪᠠᠬᠠᠷᠤᠮ᠎ᠠ ᠰᠠᠢᠬᠠᠨ ᠦᠵᠦᠮᠦᠴᠢᠨ
ᠪᠠᠶᠠᠯᠢᠭ ᠳᠡᠭᠡᠷ᠎ᠡ ᠪᠡᠨ ᠭᠣᠶᠣᠬᠠᠨ
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ
ᠠᠢ  ᠬᠦ᠂ ᠵᠧ ᠬᠦ
ᠪᠤᠭᠤᠷᠤᠯ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ

《ᠡᠷᠡᠮᠡᠭ ᠴᠠᠭᠠᠭᠴᠢ ᠶ᠋ᠢᠨ ᠤᠳᠤᠮ
ᠴᠠᠭᠠᠨ ᠠᠳᠤᠭᠤᠨ ᠤ᠋ ᠦᠷᠡᠵᠢᠯ ᠲᠡᠢ
ᠤᠷᠠᠨ ᠣᠶᠣᠳᠠᠯ ᠤ᠋ᠨ ᠭᠠᠢᠬᠠᠮᠰᠢᠭ
ᠡᠷᠲᠡ ᠳᠡᠭᠡᠳᠦ ᠡᠴᠡ ᠤᠯᠠᠮᠵᠢ ᠲᠠᠢ
ᠪᠠᠬᠠᠷᠤᠮ᠎ᠠ ᠰᠠᠢᠬᠠᠨ ᠦᠵᠦᠮᠦᠴᠢᠨ
ᠪᠠᠶᠠᠯᠢᠭ ᠳᠡᠭᠡᠷ᠎ᠡ ᠪᠡᠨ ᠭᠣᠶᠣᠬᠠᠨ
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ
ᠠᠢ  ᠬᠦ᠂ ᠵᠧ ᠬᠦ
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ

ᠦᠷᠡᠵᠢᠯᠲᠦ ᠪᠠᠶᠠᠨ ᠰᠦᠷᠦᠭ
ᠦᠵᠦᠮᠦᠴᠢᠨ ᠬᠣᠨᠢᠨ ᠤ᠋ ᠮᠠᠢᠯᠠᠭᠠᠨ ᠲᠠᠢ
ᠦᠵᠡᠰᠬᠦᠯᠡᠩ ᠲᠡᠭᠦᠰ ᠪᠦᠷᠢᠳᠦᠭᠰᠡᠨ
ᠦᠢ ᠲᠦᠮᠡᠨ ᠦ᠌ ᠮᠢᠨᠢ ᠨᠤᠲᠤᠭ ᠠ᠋ ᠬᠦ
ᠪᠠᠬᠠᠷᠤᠮ᠎ᠠ ᠰᠠᠢᠬᠠᠨ ᠦᠵᠦᠮᠦᠴᠢᠨ
ᠪᠠᠶᠠᠯᠢᠭ ᠳᠡᠭᠡᠷ᠎ᠡ ᠪᠡᠨ ᠭᠣᠶᠣᠬᠠᠨ
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ

ᠠᠢ ᠬᠦ᠂ ᠵᠧ ᠬᠦ
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ
ᠠᠢ ᠬᠦ᠂ ᠵᠧ ᠬᠦ
ᠪᠤᠭᠤᠷᠤᠯ ᠤ᠋ᠨ ᠦᠶ᠎ᠡ ᠡᠴᠡ ᠠᠮᠢᠳᠤᠷᠠᠭᠰᠠᠨ
ᠪᠤᠶᠠᠨ ᠨᠢ ᠳᠡᠯᠭᠡᠷᠡᠬᠦᠨ ᠨᠤᠲᠤᠭ ᠠ᠋ ᠬᠦ
   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ ᠪᠠᠭᠰᠢ᠄ ᠢᠷᠡᠭᠡᠳᠦᠢ