ᠰᠠᠨᠠᠭᠠᠨ ᠤ ᠰᠠᠨᠰᠠᠷ – ᠶᠣᠨᠳᠣᠨ ᠤ ᠪᠢᠯᠢᠭ᠌ - ᠪᠠᠭᠠᠲᠤᠷ Санааны сансар – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠭᠠᠨ ᠤ ᠰᠠᠨᠰᠠᠷ – ᠶᠣᠨᠳᠣᠨ ᠤ ᠪᠢᠯᠢᠭ᠌ - ᠪᠠᠭᠠᠲᠤᠷ Санааны сансар – Ёндоны Билиг - Баатар

ᠰᠠᠨᠠᠭᠠᠨ ᠤ ᠰᠠᠨᠰᠠᠷ – ᠶᠣᠨᠳᠣᠨ ᠤ ᠪᠢᠯᠢᠭ᠌ - ᠪᠠᠭᠠᠲᠤᠷ Санааны сансар – Ёндоны Билиг - Баатар

2024-07-22

472

ᠰᠠᠨᠠᠭᠠᠨ ᠤ ᠰᠠᠨᠰᠠᠷ


 ᠰᠠᠨᠠᠭᠠᠨ ᠤ᠋ ᠰᠠᠨᠰᠠᠷ 
 ᠬᠠᠢᠷ᠎ᠠ ᠶ᠋ᠢᠨ ᠥᠯᠥᠭᠡᠢ 
 ᠬᠠᠢᠷ᠎ᠠ ᠶ᠋ᠢᠨ ᠥᠯᠥᠭᠡᠢ ᠡᠴᠡ ᠯᠡ 
 ᠬᠠᠮᠤᠭ ᠦᠯᠢᠭᠡᠷ ᠡᠭᠦᠰᠴᠦ ᠦᠷᠭᠦᠯᠵᠢᠯᠡᠬᠦᠢ  ᠁ 

 ᠰᠠᠨᠰᠠᠷᠯᠢᠭ ᠣᠷᠴᠢᠯᠠᠩᠯᠢᠭ ᠨᠡᠢᠭᠡᠮᠯᠢᠭ ᠰᠢᠨᠵᠢᠲᠡᠢ 
 ᠰᠢᠷᠭᠤᠯᠵᠢ ᠬᠡᠷᠢᠶ᠎ᠡ ᠬᠥᠮᠦᠨ ᠭᠤᠷᠪᠠ ᠳ᠋ᠤ᠌ 
 ᠶᠠᠩᠵᠤ ᠪᠦᠷᠢ ᠶ᠋ᠢᠨ ᠰᠢᠭᠤᠷᠬᠠᠢ ᠦᠯᠢᠭᠡᠷ ᠪᠣᠢ 
 ᠶᠠᠰᠤ ᠶᠣᠰᠣ ᠵᠢᠷᠤᠮ ᠨᠢ ᠦᠨᠡᠬᠡᠷ ᠠᠳᠠᠯᠢ᠃
 
 ᠬᠠᠲᠤᠨ ᠡᠬᠡ ᠰᠢᠷᠭᠤᠯᠵᠢ ᠳ᠋ᠠᠭᠠᠨ ᠯᠠ 
 ᠬᠠᠮᠤᠭ ᠬᠠᠷᠠᠴᠤ ᠠᠷᠠᠳ ᠰᠢᠷᠭᠤᠯᠵᠢ ᠨᠢ 
 ᠬᠠᠭᠠᠨ ᠲᠠᠩᠭᠠᠷᠢᠭ ᠲᠠᠢ ᠳᠠᠭᠠᠭᠠᠮᠠᠭᠠᠢ ᠵᠢᠷᠤᠮ ᠲᠠᠢ 
 ᠬᠠᠲᠠᠭᠤ ᠬᠠᠤᠯᠢ ᠳᠢᠭᠯᠢᠮ ᠲᠡᠢ ᠦᠢᠯᠡᠴᠢᠯᠡᠳᠡᠭ 
 ᠬᠠᠤᠯᠢ ᠵᠠᠷᠴᠢᠮ ᠠ᠋ᠴᠠ ᠵᠥᠷᠢᠴᠡᠭᠰᠡᠳ ᠢ᠋ ᠪᠡᠨ 
 ᠬᠠᠢᠷ᠎ᠠ ᠨᠠᠢᠷ ᠦᠭᠡᠢ ᠴᠥᠯᠡᠳᠡᠭ ᠭᠡᠨ᠎ᠡ  
    ᠁ ᠁ ᠁  
 ᠳᠡᠩᠳᠡᠭᠦᠦ ᠡᠷᠬᠡ ᠥᠰᠦᠭᠰᠡᠨ ᠬᠥᠪᠡᠭᠦᠨ 
 ᠲᠡᠰᠬᠢᠮ᠎ᠡ ᠡᠪᠦᠯ ᠦ᠋ᠨ ᠨᠢᠭᠡᠨ ᠡᠳᠦᠷᠵᠢᠨ
 ᠡᠵᠢ ᠶ᠋ᠢᠨ ᠢ᠋ᠶ᠋ᠡᠨ ᠵᠢᠷᠦᠬᠡ ᠶ᠋ᠢ ᠠᠪᠬᠤ ᠭᠡᠵᠦ 
 ᠡᠯᠳᠡᠪ ᠮᠠᠶᠢᠭ ᠢ᠋ᠶ᠋ᠠᠷ ᠠᠭᠠᠰᠢᠯᠠᠵᠠᠢ ᠭᠡᠨ᠎ᠡ 
 ᠡᠵᠢ ᠨᠢ ᠵᠢᠷᠦᠬᠡ ᠪᠡᠨ ᠥᠭᠴᠡᠢ ᠭᠡᠨ᠎ᠡ 
 ᠵᠢᠷᠦᠬᠡ ᠶ᠋ᠢ ᠨᠢ ᠠᠪᠴᠤ ᠲᠣᠰᠤᠭᠠᠳ ᠯᠠ 
 ᠵᠢᠷᠡᠯᠵᠡᠲᠡᠯ᠎ᠠ ᠭᠦᠶᠦᠨ ᠪᠠᠶᠠᠷᠯᠠᠬᠤ ᠳ᠋ᠠᠭᠠᠨ 
 ᠪᠥᠮᠪᠥᠷᠢᠲᠡᠯ᠎ᠡ ᠪᠦᠳᠦᠷᠢᠵᠦ ᠤᠨᠠᠭᠠᠳ ᠯᠠ 
 ᠡᠪᠦᠳᠦᠭ ᠢ᠋ᠶ᠋ᠡᠨ ᠰᠢᠷᠬᠠᠳᠠᠭᠤᠯᠵᠤ ᠤᠬᠢᠯᠠᠵᠠᠢ 
 ᠠᠯᠠᠭᠠᠨ ᠳ᠋ᠤᠨᠢ ᠭᠠᠯ ᠰᠢᠭ᠋ ᠪᠤᠯᠭᠢᠯᠠᠵᠤ ᠪᠠᠢᠭᠰᠠᠨ 
 ᠡᠵᠢ ᠶ᠋ᠢᠨ ᠬᠢᠨᠢ ᠠᠯᠠᠭ ᠵᠢᠷᠦᠬᠡ ᠲᠡᠭᠡᠬᠦ ᠳ᠋ᠦ᠍ 
 ᠮᠤᠯᠲᠤ ᠦᠰᠦᠷᠦᠨ ᠬᠣᠯᠠ ᠤᠨᠠᠭᠠᠳ ᠯᠠ 
 ᠮᠥᠰᠥᠨ ᠳ᠋ᠦ᠍ ᠨᠠᠭᠠᠯᠳᠤᠭᠠᠳ ᠠᠭᠤᠷᠰᠴᠠᠢ
 《ᠵᠢᠷᠦᠬᠡ ᠦᠭᠡᠢ》 ᠡᠵᠢ ᠨᠢ ᠲᠡᠭᠡᠬᠦ ᠳ᠋ᠦ᠍ 
 ᠢᠯᠡᠢ ᠬᠠᠯᠠᠭ᠂ ᠪᠤᠷᠬᠠᠨ ᠮᠢᠨᠢ ᠶᠠᠭᠠᠬᠢᠨ᠎ᠠ ᠠ᠋ 
 ᠬᠦᠦ ᠶ᠋ᠢᠨ ᠮᠢᠨᠢ ᠡᠪᠦᠳᠦᠭ ᠪᠦᠷ ᠴᠢᠰᠤ ᠁ 
 ᠬᠤᠷᠳᠤᠨ ᠡᠵᠢ ᠳ᠋ᠡᠭᠡᠨ ᠢᠷᠡᠭᠡᠴᠢ ᠠ᠋ 
 ᠦᠷ᠎ᠡ ᠮᠢᠨᠢ ᠠ᠋ ᠬᠤᠷᠳᠤᠨ ᠢᠷ᠎ᠡ ᠭᠡᠵᠦ 
 ᠰᠦᠢᠳ ᠮᠦᠢᠳ ᠪᠣᠯᠵᠤ ᠰᠥᠬᠥᠷᠡᠵᠡᠢ ᠭᠡᠨ᠎ᠡ 
 ᠰᠦᠷᠡᠬᠡᠢ ᠡᠮᠵᠡᠭᠯᠡᠩᠭᠡᠨ ᠴᠣᠴᠢᠷᠳᠠᠵᠠᠢ ᠭᠡᠨ᠎ᠡ 
     ᠁  ᠁
 ᠮᠠᠭᠤ ᠢᠷᠣ᠎ᠠ ᠶ᠋ᠢᠨ ᠭᠡᠵᠦ ᠠᠳᠠᠯᠠᠭᠳᠠᠭᠰᠠᠨ 
 ᠬᠠᠷ᠎ᠠ ᠬᠡᠷᠢᠶ᠎ᠡ ᠮᠠᠰᠢᠳᠠ ᠠᠴᠢᠯᠠᠯᠲᠠᠢ! 
 ᠥᠨᠳᠥᠷ ᠮᠣᠳᠣᠨ ᠤ᠋ ᠠᠴᠠᠨ ᠰᠠᠯᠠᠭᠠᠨ ᠳ᠋ᠤ᠌ 
 ᠦᠳᠡᠯᠦᠭᠡ ᠡᠬᠡ ᠡᠴᠢᠭᠡ ᠶ᠋ᠢ ᠲᠠᠯᠪᠢᠭᠠᠳ 
 ᠥᠳᠥ ᠬᠣᠷᠣᠬᠠᠢ ᠪᠠᠷ ᠲᠠᠩᠳᠠ ᠲᠡᠵᠢᠭᠡᠳᠡᠭ 
 ᠦᠬᠦᠨ ᠦᠬᠦᠲᠡᠯ᠎ᠡ ᠨᠢ ᠲᠡᠵᠢᠭᠡᠳᠡᠭ ᠠ᠋  
   ᠁  ᠁
 ᠰᠠᠨᠠᠭᠠᠨ ᠤ᠋ ᠰᠠᠨᠰᠠᠷ ᠠ᠋ᠴᠠ ᠳᠡᠭᠦᠯᠢᠨ ᠬᠠᠯᠢᠭᠠᠳ 
 ᠯᠤᠲᠤ ᠬᠢᠵᠠᠭᠠᠷ ᠦᠭᠡᠢ ᠲᠣᠮᠣᠷᠠᠭᠰᠠᠨ ᠰᠠᠨᠰᠠᠷ 
 ᠬᠠᠮᠢᠭ᠎ᠠ ᠬᠡᠵᠢᠶ᠎ᠡ ᠴᠤ᠌ ᠪᠠᠢᠰᠢ ᠦᠭᠡᠢ ᠠ᠋  
 ᠰᠠᠢᠬᠠᠨ ᠡᠵᠢ ᠶ᠋ᠢᠨ ᠮᠢᠨᠢ ᠠᠴᠢ ᠠ᠋ᠴᠠ ᠯᠠ 
 ᠬᠢᠵᠠᠭᠠᠯᠠᠰᠢ ᠦᠭᠡᠢ ᠳᠠᠪᠠᠭᠠᠳ ᠭᠠᠷᠤᠭᠰᠠᠨ 
 ᠬᠢᠨᠠᠮᠠᠭᠠᠢ ᠬᠠᠢᠷ᠎ᠠ ᠭᠡᠵᠦ ᠶᠡᠷᠦᠨᠢ ᠦᠭᠡᠢ ᠠ᠋ 
    ᠁  ᠁  
 ᠡᠪᠡᠦ ᠬᠥᠭᠡᠷᠦᠬᠦᠢ᠂ ᠠᠮᠢᠨ ᠦᠷ᠎ᠡ ᠮᠢᠨᠢ 
 ᠡᠵᠢ ᠨᠢ ᠴᠢᠮ᠎ᠠ ᠶ᠋ᠢ ᠠᠩᠬ᠎ᠠ ᠬᠠᠷᠠᠬᠤ 
 ᠲᠡᠷᠡ ᠯᠠ ᠲᠣᠷᠭᠠᠨ ᠬᠣᠷᠣᠮᠬᠠᠨ ᠳ᠋ᠠᠭᠠᠨ  
 ᠬᠣᠷᠢᠭ᠍ᠯᠠᠭᠳᠠᠰᠢ ᠦᠭᠡᠢ ᠶ᠋ᠢᠨ ᠲᠤᠢᠯ 
 ᠠᠩᠭᠢᠷ ᠰᠢᠷ᠎ᠠ ᠤᠭᠤᠷᠠᠭ ᠢ᠋ᠶ᠋ᠠᠨ ᠬᠠᠷᠢᠨ ᠴᠤ᠌  
 ᠲᠤᠢᠯᠪᠤᠷᠢᠲᠠᠢ ᠴᠤ᠌ ᠰᠠᠳᠠᠭᠠᠨᠠᠭᠤᠯᠤᠭᠰᠠᠨ ᠰᠢᠦ 
   ᠁  ᠁
 ᠠᠭᠤᠯᠠ ᠰᠠᠨᠵᠢ ᠲᠠᠢ ᠰᠠᠨ ᠪᠠᠢᠭ᠍ᠰᠠᠨ ᠪᠣᠯ 
 ᠶᠣᠰᠣᠲᠠᠢ ᠴᠤ᠌ ᠮᠤᠯᠲᠤ ᠲᠠᠲᠠᠴᠢᠬᠠᠮᠠᠷᠬᠠᠨ ᠡᠷ᠎ᠡ 
 ᠳᠠᠢᠴᠢᠨ ᠲᠠᠰᠤᠷᠬᠠᠢ ᠠᠪᠤ ᠲᠠᠨᠢ ᠬᠠᠷᠢᠨ 
 ᠵᠤᠯᠠᠢ ᠶ᠋ᠢ ᠴᠢᠨᠢ ᠠᠩᠬ᠎ᠠ ᠦᠨᠦᠷᠯᠡᠬᠦ ᠶ᠋ᠢᠨ 
 ᠲᠡᠷᠡ ᠯᠠ ᠲᠦᠮᠡᠨ ᠭᠱᠠᠨ ᠳ᠋ᠠᠭᠠᠨ 
 ᠰᠦᠨ ᠰᠦᠨᠡᠰᠦ ᠶ᠋ᠢ ᠠᠰᠬᠠᠷᠠᠭᠤᠯᠤᠭᠰᠠᠨ ᠠ᠋ 
 ᠰᠥᠨᠢᠵᠢᠨ ᠡᠳᠦᠷᠵᠢᠨ ᠵᠦᠰᠡᠷᠡᠭᠦᠯᠦᠭᠰᠡᠨ ᠠ᠋ 
 ᠰᠦᠵᠢᠭᠯᠡᠨ ᠴᠢᠩᠭᠢᠰ ᠬᠠᠭᠠᠨ ᠳ᠋ᠤ᠌ ᠳᠠᠭᠠᠳᠬᠠᠨ 
 ᠰᠦᠷᠦᠭ ᠠᠳᠤᠭᠤᠨ ᠳ᠋ᠠᠭᠠᠨ ᠳᠠᠪᠬᠢᠭ᠍ᠰᠠᠨ
   ᠁ ᠁ 
 ᠠᠮᠢᠲᠠᠨ ᠪᠣᠳᠠᠰ ᠤᠰᠤ ᠤᠷᠭᠤᠮᠠᠯ ᠪᠦᠬᠦᠨ ᠦ᠌ 
 ᠠᠯᠢ ᠨᠢ ᠴᠤ᠌ ᠦᠷ᠎ᠡ ᠲᠥᠯ ᠦ᠋ᠨ ᠲᠥᠯᠥᠭᠡ 
 ᠥᠷᠥᠴᠡ ᠥᠨᠳᠡᠯᠵᠡᠬᠦ ᠦᠭᠡᠢ ᠶᠦᠮ ᠪᠣᠢ ᠳᠠ 
 ᠢᠩᠭᠡ ᠭᠡᠭᠦᠦ ᠦᠨᠢᠶ᠎ᠡ ᠬᠣᠨᠢ ᠢᠮᠠᠭᠠᠨ ᠤ᠋ 
 ᠠᠯᠢ ᠨᠢ ᠰᠦᠨ ᠢᠪᠡᠯᠡᠬᠦ ᠦᠭᠡᠢ ᠶᠦᠮ ᠪᠣᠢ 
 ᠢᠪᠡᠯᠡᠬᠦ ᠰᠦᠨ ᠪᠦᠭᠦᠳᠡ ᠪᠦᠭᠦᠳᠡᠭᠡᠷ ᠢ᠋ᠶ᠋ᠡᠨ 
 ᠬᠠᠢᠷ᠎ᠠ ᠪᠠᠢᠳᠠᠭ ᠢ᠋ ᠵᠠᠪᠠᠯ ᠰᠠᠨᠠᠵᠤ ᠶᠠᠪᠤᠭᠠᠷᠠᠢ 
 ᠰᠠᠢᠨ ᠰᠠᠨᠠᠭᠠᠨ ᠤ᠋ ᠰᠠᠢᠬᠠᠨ ᠰᠠᠨᠰᠠᠷ ᠭᠡᠳᠡᠭ 
 ᠵᠦᠢᠷᠯᠡᠰᠢ ᠦᠭᠡᠢ ᠠᠭᠤᠳᠠᠮ ᠶᠤᠮ ᠰᠢᠦ 
 ᠰᠠᠨᠠᠵᠤ ᠶᠠᠪᠤᠪᠠᠯ ᠪᠦᠲᠦᠨ᠎ᠡ ᠡ ᠭᠡᠵᠦ
 ᠰᠠᠵᠢᠯᠠᠵᠤ ᠯᠠ ᠪᠠᠢᠪᠠᠯ ᠬᠦᠷᠦᠨ᠎ᠡ ᠠ᠋ ᠭᠡᠵᠦ 
 ᠰᠦᠷᠯᠢᠭ ᠬᠥᠬᠡ ᠡᠪᠦᠭᠡᠳ ᠵᠠᠬᠢᠭ᠍ᠰᠠᠨ ᠰᠢᠦ  
   ᠁  ᠁
 ᠰᠠᠶ᠎ᠠ ᠵᠢᠸ᠎ᠠ ᠣᠳᠣᠨ ᠭᠠᠷᠬᠠᠰ ᠢ᠋ᠶ᠋ᠠᠨ ᠭᠡᠵᠦ 
 ᠰᠠᠨᠰᠠᠷ ᠤ᠋ᠨ ᠠᠯᠲᠠᠨ ᠮᠥᠩᠭᠥᠨ ᠬᠥᠬᠥ ᠨᠢ 
 ᠰᠸᠺᠦ᠋ᠨ᠋ᠳ᠋ ᠠᠯᠤᠰᠯᠠᠯ ᠦᠭᠡᠢ ᠢᠪᠡᠯᠡᠳᠡᠭ ᠠ᠋ 
 ᠰᠦᠨ ᠭᠡᠷᠡᠯ᠂ ᠰᠠᠴᠤᠷᠠᠭ ᠢᠪᠡᠭᠡᠯ ᠡᠴᠡ ᠨᠢ 
 ᠠᠭᠠᠷ ᠰᠢᠷᠤᠢᠨ ᠳ᠋ᠤ᠌ ᠠᠮᠢ ᠪᠦᠲᠦᠳᠡᠭ ᠨᠢ 
 ᠦᠨᠡᠨ ᠬᠠᠢᠷ᠎ᠠ ᠶ᠋ᠢᠨ ᠯᠡ ᠰᠢᠳᠢ ᠭᠡᠯᠲᠡᠢ
    ᠁  ᠁ 
 ᠠᠯᠲᠠᠢ ᠲᠡᠭᠷᠢ ᠠᠭᠤᠯᠠ᠂ ᠣᠳᠬᠣᠨ ᠲᠡᠭᠷᠢ 
 ᠡᠩᠭᠡᠷ ᠪᠠᠯ ᠤ᠋ᠨ ᠢ᠋ᠶ᠋ᠠᠨ ᠴᠢᠯᠠᠭᠤᠳ ᠢ᠋ ᠭᠡᠵᠦ 
 ᠥᠨᠳᠥᠷ ᠣᠷᠭᠢᠯ ᠤ᠋ᠳ ᠨᠢ ᠬᠥᠭᠡᠷᠦᠬᠦᠢ ᠳᠧ 
 ᠡᠭᠡᠯ ᠮᠥᠩᠬᠡ ᠪᠤᠭᠤᠷᠤᠯᠳᠠᠳᠠᠭ ᠤ᠋ᠨ ᠤᠴᠢᠷ 
 ᠬᠠᠨ ᠬᠣᠷᠸ᠎ᠠ ᠳ᠋ᠤ᠌ ᠭᠠᠭᠴᠠᠬᠠᠨ ᠬᠠᠢᠷ᠎ᠠ ᠯᠠ 
 ᠲᠣᠭᠲᠠᠵᠤ ᠪᠣᠯᠳᠠᠭ ᠦᠭᠡᠢ ᠶ᠋ᠢᠨ ᠰᠢᠯᠲᠠᠭᠠᠨ!
   ᠁  ᠁  
 ᠶᠠᠩᠭᠢᠷ ᠬᠠᠯᠢᠯ ᠳ᠋ᠤ᠌ ᠬᠠᠯᠲᠤᠷᠢᠬᠤ ᠬᠣᠷᠣᠮ ᠠᠨᠤ 
 ᠶᠠᠭ ᠯᠠ ᠢᠨᠵᠠᠭ᠎ᠠ ᠪᠠᠨ ᠠᠪᠤᠷᠬᠠᠤ ᠦᠵᠡᠮᠵᠢ 
 ᠶᠠᠭᠠᠨ ᠡᠷᠢᠶᠡᠨ ᠰᠣᠯᠣᠩᠭ᠎ᠠ ᠨᠤᠮᠤᠳᠠᠬᠤ ᠠᠨᠤ 
 ᠶᠠᠭ ᠯᠠ ᠲᠡᠭᠷᠢ ᠭᠠᠵᠠᠷ ᠦᠨᠦᠰᠦᠯᠴᠡᠬᠦ ᠠᠮᠲᠠ 
 ᠬᠠᠷ᠎ᠠ ᠰᠢᠷᠭᠤᠯᠵᠢ ᠤᠯᠠᠭᠠᠨ ᠰᠢᠷᠭᠤᠯᠵᠢ ᠶ᠋ᠢᠨ 
 ᠬᠠᠮᠠᠭᠠᠯᠠᠯᠲᠠ ᠲᠡᠢᠨ ᠥᠨᠳᠡᠭᠡᠨ ᠦ᠌ ᠲᠥᠯᠥᠭᠡ
    ᠁  ᠁ 
 ᠬᠠᠢᠷ᠎ᠠ ᠲᠠᠯᠠᠷᠬᠠᠯ ᠪᠣᠯ ᠶᠠᠷᠢᠶᠠᠨ ᠦᠭᠡᠢ ᠯᠡ 
 ᠣᠷᠴᠢᠯᠠᠩ ᠳᠤᠮᠳᠠᠬᠢ ᠬᠠᠮᠤᠭ ᠯᠤᠲᠤ ᠬᠦᠴᠦᠨ! 
    ᠁  ᠁  
 ᠢᠷᠠᠭᠤ ᠨᠠᠢᠷᠠᠭ ᠢ᠋ᠶ᠋ᠠᠷ ᠮᠥᠩᠬᠡᠷᠡᠭᠰᠡᠨ ᠳᠤᠷᠠᠯᠠᠯ 
 ᠢᠯᠠᠭᠤᠭᠰᠠᠨ ᠢᠯᠠᠯᠲᠠ ᠶ᠋ᠢᠨ ᠲᠤᠭ ᠳᠠᠯᠪᠠᠭ᠎ᠠ 
 ᠢᠨᠠᠭ ᠤ᠋ᠨ ᠲᠣᠢᠮᠣᠷ ᠰᠡᠳᠬᠢᠯ ᠦ᠋ᠨ ᠰᠠᠨᠰᠠᠷ ᠲᠤ᠌  
 ᠲᠠᠯ᠎ᠠ ᠶ᠋ᠢᠨ ᠲᠤᠢᠮᠤᠷ ᠬᠡᠭᠡᠷ᠎ᠡ ᠲᠡᠳᠦᠢ ᠳ᠋ᠦ᠍ 
    ᠁  ᠁ 
 ᠪᠤᠷᠬᠠᠨ ᠤ᠋ ᠮᠡᠯᠮᠡᠢ ᠡᠴᠡ ᠬᠠᠢᠯᠠᠨ ᠲᠠᠰᠤᠷᠠᠬᠤᠢ 
 ᠪᠣᠯᠣᠷ ᠲᠤᠩᠭᠠᠯᠠᠭ ᠰᠢᠭᠦᠳᠡᠷᠢ ᠶ᠋ᠢᠨ ᠳᠤᠰᠤᠯ ᠢ᠋ 
 ᠠᠮᠢᠳᠤ ᠬᠣᠣᠰ ᠪᠤᠷᠬᠠᠨ ᠠᠪᠤ ᠡᠵᠢ ᠳ᠋ᠡᠭᠡᠨ 
 ᠠᠮᠢᠳᠤᠷᠠᠬᠤ ᠨᠠᠰᠤᠨ ᠳ᠋ᠠᠭᠠᠨ ᠪᠠᠷᠢᠵᠤ ᠴᠢᠳᠠᠪᠠᠯ 
 ᠠᠮᠢᠳᠤᠷᠠᠭᠰᠠᠨ ᠤ᠋ ᠲᠦᠮᠡᠨ ᠬᠡᠷᠡᠭ ᠪᠦᠲᠦᠮᠦᠢ 
 ᠠᠬᠢᠭᠠᠳ ᠪᠠᠰᠠ ᠪᠤᠮᠠᠨ ᠵᠢᠯ ᠵᠢᠷᠭᠠᠮᠤᠢ ᠶ᠎ᠠ 
    ᠁   ᠁
 ᠭᠡᠷᠡᠯ ᠲᠤᠶᠠᠭᠠᠨ ᠤ᠋ ᠳᠡᠭᠡᠳᠦ ᠶ᠋ᠢᠨ ᠲᠡᠭᠦᠯᠳᠡᠷ 
 ᠭᠡᠭᠡᠨ ᠭᠤᠸ᠎ᠠ  ᠭᠡᠢᠭᠦᠯᠦᠮ᠎ᠡ ᠭᠡᠷᠭᠡᠢ ᠮᠢᠨᠢ 
 ᠭᠡᠨᠡᠲᠡᠢ ᠬᠠᠢᠷᠠᠲᠠᠢ ᠠᠯᠤᠩᠭᠤᠸ᠎ᠠ ᠨᠠᠷ ᠮᠢᠨᠢ 
 ᠬᠡᠴᠡᠭᠦᠦ ᠪᠠᠭᠠᠲᠤᠳ ᠢ ᠲᠥᠷᠥᠭᠦᠯᠬᠦᠢ ᠡᠵᠢᠨᠠᠷ 
 ᠭᠡᠮ ᠪᠤᠷᠤᠭᠤ ᠶ᠋ᠢ ᠨᠢᠭᠡᠮᠦᠰᠦᠨ ᠠᠷᠢᠯᠭᠠᠭᠴᠢ 
 ᠭᠡᠭᠡᠯᠢᠭ ᠥᠬᠢᠨ ᠪᠤᠷᠬᠠᠳ ᠬᠤᠪᠢᠯᠭᠠᠳ ᠮᠢᠨᠢ 
 ᠰᠠᠢᠨ ᠴᠠᠭ ᠠᠢᠰᠤᠢ ᠠᠢᠰᠤᠢ ᠠᠢᠰᠤᠢ 
 ᠴᠠᠭᠠᠨ ᠵᠠᠮ ᠠᠯᠤᠰ ᠤ᠋ᠨ ᠠᠯᠤᠰ ᠮᠢᠷᠠᠯᠵᠠᠬᠤᠢ 
 ᠰᠡᠷᠭᠦᠨ ᠮᠠᠨᠳᠠᠯᠳᠠ ᠶ᠋ᠢᠨ ᠡᠷᠢᠨ ᠪᠠᠳᠠᠷᠠᠩᠭᠤᠢ 
 ᠰᠠᠨᠠᠭᠠᠨ ᠤ᠋ ᠰᠠᠨᠰᠠᠷ ᠶᠠᠭᠤᠲᠠᠢ ᠰᠠᠢᠬᠠᠨ ᠠ᠋ 
     ᠁  ᠁
 ᠰᠠᠪᠠ ᠶᠢᠷᠲᠢᠨᠴᠦ ᠲᠡᠷᠡ ᠴᠢᠭ ᠢ᠋ᠶ᠋ᠡᠷ ᠢ᠋ᠶ᠋ᠡᠨ 
 ᠰᠠᠨᠠᠭᠠᠨ ᠤ᠋ ᠰᠠᠨᠰᠠᠷ ᠤ᠋ᠨ ᠵᠢᠷᠦᠬᠡᠨ ᠳ᠋ᠦ᠍ ᠪᠣᠢ 
 ᠰᠠᠢᠨ ᠳ᠋ᠠᠭᠠᠨ ᠯᠠ ᠬᠠᠭᠠᠨ ᠤ᠋ ᠬᠣᠢᠴᠢᠰ ᠪᠢ 
 ᠰᠠᠨᠠᠭᠠᠨ ᠤ᠋ ᠰᠠᠨᠰᠠᠷ ᠢ᠋ ᠨᠡᠭᠡᠭᠡᠬᠦ ᠶ᠋ᠢ ᠪᠣᠳᠣᠨᠠᠮ 
 ᠰᠠᠶ᠎ᠠ ᠵᠢᠸ᠎ᠠ ᠵᠢᠯ ᠦ᠋ᠨ ᠲᠡᠷᠲᠡᠭᠡ ᠡᠴᠡ 
 ᠰᠠᠷᠠᠨ ᠤ᠋ ᠳᠣᠣᠷ᠎ᠠ ᠳᠣᠪᠣ ᠮᠡᠷᠭᠡᠨ ᠡᠪᠦᠭᠡ 
 ᠰᠠᠭᠠᠯᠢ ᠶ᠋ᠢᠨ ᠰᠠᠭᠤᠯᠭ᠎ᠠ ᠶ᠋ᠢ ᠨᠢ ᠨᠣᠭᠲᠣᠯᠠᠨ 
 ᠬᠠᠲᠤᠨ ᠠᠯᠤᠩᠭᠤᠸ᠎ᠠ ᠨᠢ ᠪᠠᠷᠢᠨ ᠰᠠᠵᠢᠯᠠᠨ 
 ᠰᠠᠷᠠᠨ ᠤ᠋ ᠰᠡᠪᠬᠡ ᠶ᠋ᠢ ᠰᠦᠯᠡᠶᠦ  ᠭᠡᠮᠡᠨ ᠰᠠᠨᠠᠵᠤ 
 ᠰᠠᠴᠤᠯᠢ ᠶ᠋ᠢᠨ ᠤᠤᠭᠠᠨ ᠢ᠋ ᠡᠷᠭᠦᠭᠰᠡᠨ ᠶᠦᠮ᠃
 ᠰᠠᠢᠬᠠᠨ ᠰᠠᠨᠰᠠᠷ ᠤ᠋ᠨ ᠡᠬᠢ ᠡᠭᠦᠰᠦᠯ ᠢ᠋ ᠲᠠᠨᠢ 
 ᠰᠠᠢᠨ ᠰᠠᠨᠠᠭᠠᠲᠠᠢ ᠮᠣᠩᠭᠣᠯᠴᠤᠳ ᠡᠭᠦᠳᠦᠭᠰᠡᠨ 
 ᠰᠠᠷᠮᠠᠭᠴᠢᠨ ᠠ᠋ᠴᠠ ᠬᠥᠮᠦᠨ ᠡᠭᠦᠰᠦᠭᠡ ᠪᠢᠰᠢ
 ᠰᠠᠨᠠᠭᠠᠨ ᠤ ᠰᠠᠨᠰᠠᠷ ᠲᠤ ᠢᠰᠡᠭᠡᠢ ᠡᠭᠦᠳᠦᠭᠰᠡᠨ 
 ᠢᠰᠡᠭᠡᠢ ᠲᠤᠭᠤᠷᠭᠠᠲᠠᠳ ᠢ᠋ ᠪᠢᠲᠡᠭᠡᠢ ᠪᠠᠰᠤ! 
 ᠢᠪᠡᠷᠬᠡᠢ ᠪᠥᠮᠪᠥᠷᠴᠡᠭ ᠴᠢᠨᠢ ᠪᠢᠳᠡᠨᠦᠰ ᠶᠦᠮ 
 ᠢᠲᠡᠭᠡᠪᠡᠯ ᠬᠥᠮᠦᠨ ᠲᠥᠷᠥᠯᠬᠢᠲᠡᠨ ᠮᠠᠨᠳᠤᠵᠤ 
 ᠢᠷᠡᠭᠡᠳᠦᠢ ᠴᠢᠨᠢ ᠮᠠᠨ ᠤ᠋ ᠮᠣᠩᠭᠣᠯ ᠤ᠋ᠨ ᠬᠢ  
      ᠁ ᠁ ᠁
  
         2024᠂ 07᠂ 22᠃18᠄09 ᠮᠢᠨᠦ᠋ᠲ᠃ 
        ᠤᠭ ᠰᠢᠯᠦᠭ ᠢ᠋ 2024᠂ 07᠂18 ᠤ᠋ ᠡᠳᠦᠷ 
        ( ᠮᠢᠨᠦ ᠮᠠᠭᠤ ᠪᠣᠷᠵᠢᠭᠢᠨ ᠪᠢᠯᠢᠭ ᠪᠠᠭᠠᠲᠤᠷ ᠤ᠋ᠨ ᠥᠬᠢᠨ 
         ᠮᠢᠩᠭᠠᠨ᠎ᠠ ᠠᠩᠭᠢᠯᠢ ᠳ᠋ᠤᠷ ᠣᠯᠠᠨ ᠤᠯᠤᠰ ᠤ᠋ᠨ ᠵᠠᠭᠤᠴᠢᠯᠠᠭᠤᠷ ᠤ᠋ᠨ 
         ᠶᠡᠬᠡ ᠰᠤᠷᠭᠠᠭᠤᠯᠢ ᠲᠡᠭᠦᠰᠦᠭᠰᠡᠨ) ᠡᠳᠦᠷ ᠡᠴᠡ ᠰᠡᠳᠬᠢᠮᠵᠢᠯᠡᠩᠬᠡᠨ 
         ᠨᠣᠣᠷᠠᠭᠯᠠᠨ ᠪᠠᠢᠵᠤ ᠥᠨᠥᠳᠥᠷ ᠰᠠᠶᠢ ᠬᠢᠴᠢᠶᠡᠩᠭᠦᠢ ᠪᠦᠲᠦᠭᠡᠪᠡᠢ᠃ 
              ᠨᠢᠯᠪᠤᠰᠤ ᠮᠠᠰᠢᠳᠠ ᠠᠰᠬᠠᠷᠠᠪᠠᠢ᠃ 
         ᠪᠢ ᠤᠬᠢᠯᠠᠭᠰᠠᠭᠠᠷ ᠠ᠋ ᠁  ᠦᠦᠷ ᠴᠠᠢᠬᠤᠢ ᠁ ᠁