ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠭᠤᠷᠪᠠ) Сэрүүхэн тал нутаг–<свис> Вальтер Босгард (Walter Bosshard)- Гуравдугаар бөлөг᠂Гуравдэх аялал 3
ᠭᠤᠷᠪᠠ ᠂ ᠭᠣᠪᠢ ᠶ᠋ᠢᠨ ᠵᠠᠬ᠎ᠠ ᠳ᠋ᠠᠬᠢ ᠬᠤᠪᠢ ᠵᠠᠶᠠᠭ᠎ᠠ
ᠲᠡᠷᠡ ᠮᠠᠨᠢ ᠭᠠᠵᠠᠷ ᠪᠣᠯᠭᠠᠨ ᠳ᠋ᠤ᠌ ᠳᠤᠷ᠎ᠠ ᠪᠠᠷ ᠢ᠋ᠶ᠋ᠠᠨ ᠣᠷᠣᠵᠤ ᠪᠣᠯᠳᠠᠭ ᠡᠷᠬᠡ ᠪᠦᠬᠦᠢ ᠬᠦᠷᠡᠩ ᠥᠩᠭᠡ ᠲᠡᠢ ᠣᠷᠬᠢᠮᠵᠢ ᠡᠮᠦᠰᠴᠦ᠂ ᠲᠡᠭᠦᠨ ᠦ᠌ ᠳᠡᠭᠡᠷ᠎ᠡ ᠨᠢ ᠬᠠᠮᠤᠭ ᠤ᠋ᠨ ᠢᠳᠡᠬᠦ ᠳᠤᠷᠠᠲᠠᠢ ᠬᠣᠨᠢᠨ ᠰᠡᠭᠦᠯ ᠦ᠋ᠨ ᠲᠣᠰᠣᠨ ᠤ᠋ ᠣᠷᠣ ᠮᠥᠷ ᠦᠯᠡᠳᠡᠵᠦ᠂ ᠡᠩᠭᠡᠷ ᠲᠦ᠋ᠨᠢ ᠬᠡᠳᠦ ᠬᠡᠳᠦᠨ ᠭᠠᠵᠠᠷ ᠬᠠᠷᠠᠯᠠᠨ ᠭᠥᠯᠢᠢᠵᠡᠢ᠃ ᠮᠥᠨ ᠲᠡᠭᠡᠭᠡᠳ ᠤᠷᠠᠭᠳᠠᠵᠤ ᠨᠠᠪᠲᠠᠷᠠᠭᠰᠠᠨ ᠲᠡᠷᠯᠢᠭ ᠲᠡᠭᠡᠨ ᠠᠳᠠ ᠲᠡᠨᠳᠡ ᠨᠥᠬᠥᠭᠡᠰᠦ ᠲᠠᠯᠪᠢᠭᠰᠠ ᠪᠥᠭᠡᠳ ᠡᠮᠦᠰᠦᠭᠰᠡᠨ ᠭᠤᠲᠤᠯ ᠨᠢ ᠴᠦ᠍ ᠬᠠᠭᠤᠴᠢᠷᠠᠵᠤ ᠮᠠᠢᠵᠢᠢᠵᠠᠢ᠃ ᠦᠳᠡᠰᠢ ᠪᠣᠯᠭᠠᠨ ᠭᠤᠲᠤᠯ ᠢ᠋ᠶ᠋ᠠᠨ ᠲᠠᠢᠯᠵᠤ ᠨᠠᠪᠲᠠᠷᠬᠠᠢ ᠪᠥᠰ ᠢ᠋ᠶ᠋ᠡᠷ ᠬᠥᠯ ᠢ᠋ᠶ᠋ᠡᠨ ᠠᠬᠢᠨ ᠣᠷᠢᠶᠠᠬᠤ ᠳ᠋ᠠᠭᠠᠨ ᠷᠠᠰᠢ ᠬᠠᠵᠠᠭᠤ ᠶ᠋ᠢᠨ ᠭᠡᠷ ᠲᠦ᠍ ᠣᠷᠣᠳᠠᠭ ᠨᠢ ᠶᠠᠳᠠᠭᠤ ᠵᠦᠳᠡᠭᠦᠦ ᠶᠠᠪᠤᠭ᠎ᠠ ᠪᠠᠨ ᠨᠠᠳᠠ ᠬᠠᠷᠠᠭᠤᠯᠬᠤ ᠠ᠋ᠴᠠ ᠬᠢᠴᠢᠶᠡᠵᠦ ᠪᠠᠢᠭ᠎ᠠ ᠬᠡᠷᠡᠭ ᠠᠵᠢ᠃ ᠡᠢᠮᠦ ᠴᠦ᠍ ᠤᠴᠢᠷ ᠠ᠋ᠴᠠ ᠲᠡᠷᠡ ᠮᠥᠩᠭᠥ ᠪᠡᠷ ᠡᠮᠵᠢᠭᠰᠡᠨ ᠰᠢᠷ᠎ᠠ ᠬᠦᠷᠡᠩ ᠬᠤᠰᠤ ᠮᠣᠳᠣᠨ ᠬᠦᠨᠳᠦ ᠠᠶᠠᠭ᠎ᠠ ᠵᠢᠴᠢ ᠣᠭ᠌ᠶᠤ ᠱ᠌ᠢᠷᠦ ᠪᠡᠷ ᠴᠢᠮᠡᠭᠯᠡᠭᠰᠡᠨ ᠮᠥᠩᠭᠥᠨ ᠬᠤᠢ ᠲᠠᠢ ᠬᠢᠲᠤᠭ᠎ᠠ ᠪᠠᠨ ᠪᠥᠰᠡᠨ ᠡᠴᠡ ᠪᠡᠨ ᠰᠠᠯᠭᠠᠯ ᠦᠭᠡᠢ ᠵᠡᠭᠦᠵᠦ ᠶᠠᠪᠤᠳᠠᠭ ᠰᠠᠨ᠃
ᠪᠢᠳᠡᠨ ᠬᠡᠳᠦᠨ ᠴᠠᠭ ᠢ᠋ᠶ᠋ᠠᠷ ᠳᠠᠪᠬᠢᠭᠤᠯᠤᠭᠠᠳ ᠷᠠᠰᠢ ᠶ᠋ᠢᠨ ᠠᠮᠢᠳᠤᠷᠠᠵᠤ ᠪᠠᠢᠭ᠎ᠠ ᠭᠡᠷ ᠲᠦ᠍ ᠣᠢᠷᠠᠲᠤᠨ ᠬᠦᠷᠦᠯ᠎ᠡ᠃ ᠲᠡᠨᠳᠡ ᠪᠢ ᠬᠣᠨᠣᠭᠯᠠᠭᠠᠳ ᠮᠠᠷᠭᠠᠰᠢ ᠥᠷᠯᠥᠭᠡ ᠡᠷᠲᠡ ᠥᠪᠧᠷᠬᠧ ᠶ᠋ᠢᠨ ᠬᠣᠢᠨ᠎ᠠ ᠠ᠋ᠴᠠ ᠬᠦᠢᠬᠤᠸᠠ ᠬᠣᠲᠠ ᠤᠷᠤᠭᠤ ᠮᠣᠷᠢ ᠪᠠᠷ ᠬᠥᠳᠡᠯᠬᠦ ᠶᠦᠮ᠃ ᠷᠠᠰᠢ ᠨᠠᠮᠠᠶ᠋ᠢ ᠲᠡᠮᠡᠭᠡᠨ ᠵᠢᠩ ᠦ᠋ᠨ ᠵᠠᠮ ᠪᠣᠯᠲᠠᠯ᠎ᠠ ᠬᠦᠷᠭᠡᠴᠢᠬᠡᠭᠡᠳ ᠲᠡᠨᠳᠡ ᠡᠴᠡ ᠪᠤᠴᠠᠵᠤ ᠥᠪᠡᠷ ᠦ᠋ᠨ ᠬᠣᠨᠢ ᠲᠡᠮᠡᠭᠡᠨ ᠰᠦᠷᠦᠭ ᠢ᠋ᠶ᠋ᠡᠨ ᠦᠵᠡᠨ᠎ᠡ ᠭᠡᠵᠦ ᠠᠯᠢ ᠡᠷᠲᠡ ᠲᠣᠬᠢᠷᠠᠯᠴᠠᠭᠰᠠᠨ ᠶᠤᠮ᠃
- ᠪᠢ ᠴᠢᠮᠠᠶ᠋ᠢ ᠬᠦᠢᠬᠤᠸᠠ ᠬᠦᠷᠲᠡᠯ᠎ᠡ ᠬᠦᠷᠭᠡᠨ᠎ᠡ᠂ ᠪᠣᠯᠤᠨ᠎ᠠ ᠪᠢᠵᠡ ᠳᠡ? ᠭᠡᠵᠦ ᠲᠡᠷᠡ ᠬᠡᠯᠡᠯ᠎ᠡ᠃ ᠲᠡᠷᠡ ᠲᠠᠯ᠎ᠠ ᠨᠤᠲᠤᠭ ᠤ᠋ᠨ ᠵᠠᠮ ᠪᠣᠯᠭᠠᠨ ᠢ᠋ ᠪᠦᠷ ᠰᠠᠢᠨ ᠮᠡᠳᠡᠳᠡᠭ ᠪᠣᠯᠬᠣᠷ ᠨᠠᠳᠠ ᠳ᠋ᠤ᠌ ᠠᠪᠴᠤ ᠬᠡᠯᠡᠪᠡᠯ ᠰᠠᠢᠨ ᠯᠠ ᠶᠠᠪᠤᠳᠠᠯ ᠳᠠ᠃ ᠭᠡᠬᠦ ᠳ᠋ᠦ᠍ ᠡᠨᠡ ᠬᠦ᠌ ᠭᠡᠨᠡᠳᠲᠡ ᠶ᠋ᠢᠨ ᠬᠤᠪᠢᠷᠠᠯᠲᠠ ᠨᠢ ᠨᠠᠮᠠᠶ᠋ᠢ ᠶᠡᠬᠡ ᠰᠣᠴᠢᠭᠠᠪᠠ᠃
- ᠴᠢ ᠬᠦᠢᠬᠤᠸᠠ ᠳ᠋ᠤ᠌ ᠣᠴᠢᠭᠠᠳ ᠶᠠᠭᠤ ᠬᠢᠨ᠎ᠡ ᠪᠣᠢ?
- ᠪᠢ ᠤᠲᠠᠢ ᠳ᠋ᠠᠬᠢ ᠪᠤᠷᠬᠠᠨ ᠤ᠋ ᠣᠷᠣᠨ ᠳ᠋ᠤ᠌ ᠬᠦᠷᠦᠶ᠎ᠡ ᠭᠡᠵᠦ ᠪᠣᠳᠣᠵᠤ ᠪᠠᠢᠨ᠎ᠠ ᠭᠡᠵᠦ ᠬᠡᠯᠡᠭᠡᠳ ᠳᠣᠣᠷ᠎ᠠ ᠳᠠᠭᠤᠨ ᠢ᠋ᠶ᠋ᠠᠷ ᠨᠠᠳᠠ ᠤᠷᠤᠭᠤ ᠪᠢ ᠵᠠᠪᠠᠯ ᠰᠠᠷᠵᠢ ᠲᠡᠳᠡᠨ ᠡᠴᠡ ᠰᠠᠯᠬᠤ ᠶᠣᠰᠣᠲᠠᠢ᠃ ᠠᠳᠠ ᠴᠢᠳᠬᠥᠷ ᠨᠠᠮᠠᠶ᠋ᠢ ᠰᠠᠯᠤᠯ ᠦᠭᠡᠢ ᠳᠠᠭᠠᠵᠤ᠂ ᠵᠦᠭᠡᠷ ᠪᠠᠢᠯᠭᠠᠬᠤ ᠦᠭᠡᠢ ᠪᠠᠢᠨ᠎ᠠ᠂ ᠮᠢᠨᠦ ᠬᠣᠨᠢ ᠲᠡᠮᠡᠭᠡ ᠦᠬᠦᠵᠦ ᠪᠠᠢᠭ᠎ᠠ ᠨᠢ ᠰᠢᠢᠳᠬᠡᠯ ᠮᠥᠨ᠂ ᠪᠢ ᠬᠠᠷ᠎ᠠ ᠬᠥᠮᠦᠨ ᠦ᠌ ᠶᠢᠷᠲᠢᠨᠴᠦ ᠳ᠋ᠦ᠍ ᠣᠷᠣᠬᠤ ᠨᠢ ᠶᠡᠷᠦ ᠡᠴᠡ ᠪᠡᠨ ᠪᠤᠷᠤᠭᠤ ᠪᠠᠢᠭᠰᠠᠨ ᠶᠤᠮ ᠳᠠ ᠭᠡᠯᠡ᠃
- ᠮᠠᠯ ᠠᠳᠤᠭᠤᠰᠤᠨ ᠤ᠋ ᠦᠬᠦᠬᠦ ᠨᠢ ᠠᠳᠠ ᠴᠢᠳᠬᠥᠷ ᠡᠴᠡ ᠪᠣᠯᠤᠭᠰᠠᠨ ᠪᠢᠰᠢ ᠰᠢᠦ ᠳᠡ ᠂ ᠬᠠᠷᠢᠨ ᠬᠠᠯᠳᠠᠪᠤᠷᠢᠲᠤ ᠡᠪᠡᠳᠴᠢᠨ ᠡᠴᠡ ᠪᠣᠯᠵᠤ ᠪᠠᠢᠭ᠎ᠠ ᠰᠢᠦ᠃
- ᠴᠢ ᠪᠣᠯ ᠮᠣᠩᠭᠣᠯ ᠪᠢᠰᠢ᠂ ᠴᠢᠨᠦ ᠬᠡᠯᠡᠵᠦ ᠪᠠᠢᠭ᠎ᠠ ᠵᠦᠢᠯᠡᠰ ᠲᠠᠨ ᠤ᠋ ᠤᠯᠤᠰ ᠲᠠᠭᠠᠨ ᠪᠣᠯ ᠦᠨᠡᠨ ᠪᠠᠢᠵᠤ ᠮᠠᠭᠠᠳ ᠦᠭᠡᠢ᠃ ᠠᠳᠠ ᠬᠠᠷᠢᠨ ᠪᠢ ᠰᠠᠢᠨ ᠮᠡᠳᠡᠨ᠎ᠡ ᠰᠢᠦ᠂ ᠪᠢ ᠴᠢᠨᠢ ᠨᠢᠭᠡ ᠯᠠᠮᠠ ᠪᠠᠢᠭ᠎ᠠ ᠪᠢᠵᠡ ᠳᠡ ? ᠭᠡᠵᠦ ᠠᠭᠤᠷᠯᠠᠨ ᠬᠡᠯᠡᠭᠡᠳ ᠵᠥᠷᠢᠭᠦᠳᠯᠡᠨ ᠮᠣᠷᠢᠨ ᠤ᠋ ᠪᠠᠨ ᠵᠢᠯᠣᠭᠣ ᠶ᠋ᠢ ᠲᠡᠳᠡᠨ ᠨᠠᠳᠠ ᠠ᠋ᠴᠠ ᠬᠡᠳᠦᠨ ᠠᠯᠬᠤᠮ ᠬᠣᠢᠨ᠎ᠠ ᠬᠣᠴᠣᠷᠴᠤ ᠭᠡᠷ ᠲᠡᠭᠡᠨ ᠬᠦᠷᠲᠡᠯ᠎ᠡ ᠬᠣᠢᠨ᠎ᠠ ᠠ᠋ᠴᠠ ᠮᠢᠨᠢ ᠳᠠᠭᠠᠨ ᠬᠠᠲᠠᠷᠢᠭᠤᠯᠪᠠ᠃
ᠰᠠᠷᠵᠢ ᠬᠣᠩᠭᠣᠷ ᠬᠣᠶᠠᠭᠤᠯᠠ ᠥᠭᠡᠳᠡ ᠡᠴᠡ ᠲᠣᠰᠴᠤ ᠢᠷᠡᠭᠡᠳ ᠤᠭᠲᠤᠨ ᠠᠪᠤᠯ᠎ᠠ ᠃ ᠡᠨᠡ ᠨᠢ ᠪᠢ ᠠᠩᠬ᠎ᠠ ᠤᠳᠠᠭ᠎ᠠ ᠰᠠᠷᠵᠢ ( ᠵᠢᠷᠤᠭ 67 ) ᠲᠠᠢ ᠠᠭᠤᠯᠵᠠᠵᠤ ᠪᠠᠢᠭ᠎ᠠ ᠶᠤᠮ ᠃ ᠬᠠᠲᠠᠭᠤ ᠬᠦᠨᠳᠦ ᠠᠵᠢᠯ ᠤ᠋ᠨ ᠳᠠᠷᠤᠭᠠᠰᠤ ᠨᠢ ᠲᠡᠭᠦᠨ ᠢ᠋ ᠬᠥᠭᠰᠢᠨ ᠪᠣᠯᠭᠠᠭᠠᠳ᠂ ᠨᠢᠭᠤᠷ ᠲᠤᠨᠢ ᠶᠠᠳᠠᠷᠠᠯ ᠵᠦᠳᠡᠷᠡᠯ ᠦ᠋ᠨ ᠭᠦᠨ ᠭᠡᠭᠴᠢ ᠠᠲᠤᠷᠢᠶ᠎ᠠ ᠰᠠᠭᠤᠯᠭᠠᠵᠠᠢ᠃ ᠷᠠᠰᠢ ᠡᠭᠦᠨ ᠢ᠋ ᠠᠩᠵᠠᠭᠠᠷᠠᠨᠠ ᠭᠡᠭᠴᠢ ᠪᠠᠢᠳᠠᠭ ᠦᠭᠡᠢ᠂ ᠮᠣᠷᠢᠨ ᠴᠤᠯᠪᠤᠭᠤᠷ ᠢ᠋ᠶ᠋ᠠᠨ ᠥᠭᠭᠦᠭᠡᠳ ᠶᠠᠭ ᠯᠠ ᠣᠯᠠᠨ ᠬᠣᠨᠣᠭ ᠢ᠋ᠶ᠋ᠠᠷ ᠭᠠᠳᠠᠨ᠎ᠠ ᠪᠠᠢᠭᠰᠠᠨ ᠪᠢᠰᠢ᠂ ᠬᠠᠷᠢᠨ ᠲᠠᠪᠤ ᠠᠷᠪᠠᠨ ᠮᠢᠨᠦ᠋ᠲ ᠭᠠᠳᠠᠭᠤᠷ ᠭᠠᠷᠤᠭᠠᠳ ᠯᠠ ᠢᠷᠡᠭᠰᠡᠨ ᠰᠢᠭ ᠪᠠᠢᠯ᠎ᠠ᠃ ᠨᠠᠮᠠᠶ᠋ᠢ ᠭᠡᠷ ᠲᠦ᠍ ᠣᠷᠣᠨ ᠵᠣᠭᠰᠣᠵᠤ ᠪᠠᠢᠬᠤ ᠳ᠋ᠤ᠌ ᠰᠠᠷᠵᠢ ᠶ᠋ᠢᠨ 《ᠳᠥᠴᠢᠨ ᠬᠣᠨᠢ ᠦᠬᠦᠵᠦ ᠳᠦᠭᠦᠷᠦᠯ᠎ᠡ ᠂ ᠮᠥᠨ ᠲᠡᠷᠡ ᠬᠣᠶᠠᠷ ᠴᠠᠭᠠᠨ ᠲᠡᠮᠡᠭᠡ ᠥᠴᠥᠭᠡᠳᠦᠷ ᠡᠴᠡ ᠡᠬᠢᠯᠡᠨ ᠢᠳᠡᠬᠦ ᠪᠡᠨ ᠪᠣᠯᠢᠪᠠ 》ᠭᠡᠵᠦ ᠶᠠᠷᠢᠬᠤ ᠨᠢ ᠰᠣᠨᠣᠰᠳᠠᠭᠰᠠᠨ ᠪᠣᠯᠪᠠᠴᠤ ᠷᠠᠰᠢ ᠬᠠᠷᠢᠭᠤ ᠶᠠᠭᠤ ᠴᠤ᠌ ᠶᠠᠷᠢᠭᠰᠠᠨ ᠦᠭᠡᠢ᠃
ᠭᠡᠷ ᠲᠦ᠍ ᠲᠡᠮᠡᠭᠡᠨ ᠬᠣᠷᠭᠣᠯ ᠳᠦᠷᠡᠯᠵᠡᠨ ᠨᠣᠴᠣᠵᠤ᠂ ᠭᠡᠷ ᠦ᠋ᠨ ᠳᠣᠲᠣᠷᠠᠬᠢ ᠢᠰᠡᠭᠡᠢ ᠨᠢ ᠤᠲᠤᠭᠠᠨ ᠳ᠋ᠤ᠌ ᠪᠣᠷᠣᠯᠠᠨ ᠬᠠᠷᠠᠯᠠᠵᠠᠢ᠃ ᠰᠠᠷᠵᠢ ᠡᠷᠭᠢᠨᠡᠭ ᠡᠴᠡ ᠬᠤᠰᠤᠨ ᠠᠶᠠᠭ᠎ᠠ ᠠᠪᠴᠤ ᠭᠠᠷᠭᠠᠨ ᠭᠬᠢᠷᠲᠦᠵᠦ ᠨᠠᠪᠲᠠᠷᠠᠭᠰᠠᠨ ᠬᠠᠨᠴᠤᠢ ᠪᠠᠷ ᠢ᠋ᠶ᠋ᠠᠨ ᠠᠷᠴᠢᠭᠠᠳ ᠴᠠᠢ ᠠᠶᠠᠭᠠᠯᠠᠭᠰᠠᠨ ᠤ᠋ ᠳᠠᠷᠠᠭ᠎ᠠ ᠡᠭᠦᠳᠡᠨ ᠦ᠌ ᠬᠠᠵᠠᠭᠤ ᠳ᠋ᠤ᠌ ᠬᠦᠷᠴᠦ ᠨᠣᠮᠣᠬᠠᠨ ᠰᠠᠭᠤᠯ᠎ᠠ᠃ ᠷᠠᠰᠢ ᠬᠣᠨᠢ ᠭᠠᠷᠭᠠᠵᠤ ᠦᠳᠡᠰᠢ ᠶ᠋ᠢᠨ ᠬᠣᠭᠣᠯᠠ ᠪᠡᠯᠡᠳᠬᠡᠭᠡᠷᠡᠢ ᠭᠡᠵᠦ ᠵᠠᠷᠯᠢᠭᠳᠠᠬᠤ ᠳ᠋ᠤ᠌ ᠪᠣᠰᠴᠤ ᠲᠤᠯᠭᠠᠨ ᠳ᠋ᠤ᠌ ᠨᠢᠭᠡ ᠪᠢᠲᠡᠭᠦᠦ ᠲᠡᠮᠡᠭᠡᠨ ᠬᠣᠷᠭᠣᠯ ᠨᠡᠮᠡᠭᠰᠡᠨ ᠢ᠋ᠶ᠋ᠡᠨ ᠭᠠᠳᠠᠭᠰᠢ ᠭᠠᠷᠤᠯ᠎ᠠ᠃
- ᠪᠢ ᠵᠠᠪᠠᠯ ᠡᠳᠡᠨ ᠡᠴᠡ ᠰᠠᠯᠬᠤ ᠬᠡᠷᠡᠭᠲᠡᠢ ᠪᠣᠯᠵᠠᠢ᠃ ᠠᠷᠪᠠᠨ ᠬᠣᠶᠠᠷ ᠵᠢᠯ ᠨᠠᠳᠠ ᠲᠠᠢ ᠴᠣᠭ ᠠᠮᠢᠳᠤᠷᠠᠯ᠎ᠠ᠂ ᠬᠥᠳᠡᠭᠡ ᠲᠠᠯ᠎ᠠ ᠠᠷᠪᠠᠨ ᠬᠣᠶᠠᠷ ᠤᠳᠠᠭ᠎ᠠ ᠨᠣᠭᠣᠭᠠᠷᠠᠵᠤ ᠰᠢᠷᠠᠯᠠᠪᠠ᠃ ᠤᠳᠠᠭ᠎ᠠ ᠪᠣᠯᠭᠠᠨ ᠪᠢ ᠮᠥᠷᠭᠥᠯ ᠳ᠋ᠦ᠍ ᠶᠠᠪᠤᠨ᠎ᠠ ᠭᠡᠮᠡᠨ ᠪᠣᠳᠣᠳᠠᠭ ᠪᠣᠯᠪᠠᠴᠤ ᠨᠢᠭᠡ ᠯᠡ ᠵᠣᠷᠢᠭᠯᠠᠵᠤ ᠳᠡᠢᠯᠳᠡᠭ ᠦᠭᠡᠢ᠃ ᠰᠠᠷᠵᠢ ᠶᠡᠬᠡ ᠬᠦᠷᠢᠶ᠎ᠡ ᠶ᠋ᠢᠨ ᠲᠡᠨᠳᠡ ᠨᠤᠲᠤᠭ ᠲᠠᠢ ᠪᠥᠭᠡᠳ ᠣᠳᠣ ᠲᠠᠢᠰᠢ ᠪᠠᠨ ᠪᠤᠴᠠᠵᠤ ᠳᠡᠢᠯᠬᠦ ᠡᠴᠡ ᠨᠢᠭᠡᠨᠲᠡ ᠥᠩᠭᠡᠷᠡᠵᠡᠢ ᠭᠡᠵᠦ ᠷᠠᠰᠢ ᠥᠪᠡᠷ ᠦ᠋ᠨ ᠪᠡᠶ᠎ᠡ ᠳ᠋ᠡᠭᠡᠨ ᠬᠡᠯᠡᠵᠦ ᠪᠠᠢᠭ᠎ᠠ ᠮᠡᠲᠦ ᠭᠠᠯ ᠢ᠋ ᠰᠢᠷᠲᠡᠨ ᠤᠳᠠᠭᠠᠨ ᠪᠥᠭᠡᠳ ᠴᠣᠬᠢᠯᠭ᠎ᠠ ᠲᠠᠢ ᠪᠠᠷ ᠥᠭᠦᠯᠡᠪᠡ᠃ ᠲᠡᠭᠦᠨ ᠳ᠋ᠦ᠍ ᠠᠪᠴᠤ ᠬᠡᠯᠡᠪᠡᠯ ᠡᠨᠡ ᠪᠣᠯ ᠦᠨᠡᠨ ᠲᠤᠩ ᠬᠡᠴᠡᠭᠦᠦ ᠰᠢᠢᠳᠪᠦᠷᠢ ᠪᠠᠢᠯ᠎ᠠ᠃ ᠲᠡᠭᠡᠭᠡᠳ ᠲᠠᠯᠪᠢᠭᠤᠷᠠᠭᠰᠠᠨ ᠮᠡᠲᠦ ᠭᠦᠨ ᠭᠡᠭᠴᠢ ᠠᠮᠢᠰᠬᠤᠪᠠ᠃
- ᠴᠢ ᠲᠡᠭᠡᠭᠡᠳ ᠪᠦᠰᠡᠭᠦᠢ ᠪᠡᠨ ᠬᠡᠦᠬᠡᠳ ᠲᠡᠢ ᠨᠢ ᠣᠷᠬᠢᠬᠤ ᠪᠠᠷ ᠪᠠᠢᠨ᠎ᠠ ᠤᠤ ? ᠭᠡᠵᠦ ᠪᠢ ᠭᠡᠳᠡᠷᠭᠦ ᠠᠰᠠᠭᠤᠬᠤ ᠳ᠋ᠤ᠌ ᠷᠠᠰᠢ ᠶᠠᠭ ᠯᠠ ᠳᠣᠷᠣᠮᠵᠢᠯᠠᠭᠳᠠᠭᠰᠠᠨ ᠮᠡᠲᠦ ᠪᠣᠯᠵᠤ:
- ᠰᠠᠷᠵᠢ ᠮᠢᠨᠦ ᠪᠦᠰᠡᠭᠦᠢ ᠪᠢᠰᠢ ᠰᠢᠦ᠂ ᠲᠡᠷᠡ ᠶᠠᠭᠠᠬᠢᠵᠤ ᠪᠣᠯᠳᠠᠭ ᠶᠤᠮ? ᠴᠢ ᠮᠢᠨᠦ ᠰᠢᠷ᠎ᠠ ᠶ᠋ᠢᠨ ᠱᠠᠰᠢᠨ ᠤ᠋ ᠲᠡᠷᠯᠢᠭ ᠦ᠋ᠨ ᠥᠩᠭᠡ ᠶ᠋ᠢ ᠬᠠᠷᠠᠵᠤ ᠪᠠᠢᠭ᠎ᠠ ᠪᠢᠵᠡ ᠳᠡ ? ᠲᠡᠷᠡ ᠵᠥᠪᠬᠡᠨ ᠵᠠᠷᠤᠴᠠ ᠪᠣᠯᠤᠨ ᠥᠬᠢᠨ ᠳᠡᠭᠦᠦ ᠶ᠋ᠢᠨ ᠬᠤᠪᠢ ᠪᠠᠷ ᠮᠢᠨᠦ ᠭᠡᠷ ᠲᠦ᠍ ᠠᠮᠢᠳᠤᠷᠠᠵᠤ ᠪᠠᠢᠭ᠎ᠠ ᠶᠤᠮ ᠭᠡᠵᠦ ᠰᠡᠭᠦᠯᠴᠢ ᠶ᠋ᠢᠨ ᠪᠠᠳᠠᠭ ᠦᠭᠡ ᠪᠡᠨ ᠪᠤᠷᠤᠭᠤ ᠪᠠᠨ ᠮᠡᠳᠡᠵᠦ ᠪᠠᠢᠭ᠎ᠠ ᠮᠡᠲᠦ ᠳᠣᠣᠷ᠎ᠠ ᠳᠠᠭᠤ ᠪᠠᠷ ᠬᠡᠯᠡᠯ᠎ᠡ᠃ ᠲᠡᠭᠡᠭᠡᠳ ᠭᠦᠨ ᠪᠣᠳᠣᠯᠭᠠᠰᠢᠷᠠᠯ ᠳ᠋ᠠᠭᠠᠨ ᠠᠪᠲᠠᠨ ᠰᠠᠭᠤᠪᠠ᠃
- ᠲᠡᠭᠡᠭᠡᠳ ᠴᠢ ᠣᠳᠣ ᠰᠦᠮ᠎ᠡ ᠳ᠋ᠡᠭᠡᠨ ᠪᠤᠴᠠᠨ᠎ᠠ ᠭᠡᠵᠦ ᠪᠠᠢᠨ᠎ᠠ ᠤᠤ ? ᠴᠢᠮ᠎ᠠ ᠲᠠᠢ ᠪᠢ ᠠᠬᠢᠭᠠᠳ ᠠᠭᠤᠯᠵᠠᠬᠤ ᠡᠰᠡᠬᠦ ᠶ᠋ᠢ ᠬᠡᠨ ᠮᠡᠳᠡᠨ᠎ᠡ ᠳᠠ᠂ ᠨᠠᠳᠠ ᠳ᠋ᠤ᠌ ᠠᠮᠢᠳᠤᠷᠠᠯ ᠡᠴᠡ ᠪᠡᠨ ᠶᠠᠷᠢᠵᠤ ᠥᠭᠭᠦᠭᠡᠴᠢ ᠳᠡ !
- ᠣᠷᠣᠰ ᠲᠤ᠌ ᠬᠠᠭᠠᠭᠳᠠᠵᠤ ᠪᠠᠢᠭᠰᠠᠨ ᠶᠡᠬᠡ ᠯᠠᠮᠠ ᠶ᠋ᠢᠨ ᠠᠮᠢᠳᠤ ᠪᠠᠢᠭ᠎ᠠ ᠡᠰᠡᠬᠦ ᠶ᠋ᠢ ᠦᠵᠡᠬᠦ ᠪᠡᠷ ᠪᠢ ᠬᠣᠶᠠᠷ ᠤᠳᠠᠭ᠎ᠠ ᠰᠠᠨᠲ ᠫᠸᠲ᠋ᠸᠪᠦ᠋ᠷᠡᠭ ᠬᠦᠷᠦᠭᠰᠡᠨ ᠶᠦᠮ ᠭᠡᠯᠡ᠃
ᠡᠨᠡ ᠦᠯᠢᠭᠡᠷ ᠢ᠋ ᠪᠢ ᠪᠠᠷᠤᠭ ᠯᠠ ᠴᠡᠭᠡᠵᠢᠯᠡᠬᠦ ᠰᠢᠬᠠᠵᠤ ᠪᠠᠢᠨ᠎ᠠ᠃ ᠷᠠᠰᠢ ᠣᠯᠠᠨ ᠤᠳᠠᠭ᠎ᠠ ᠡᠭᠦᠨ ᠢ᠋ ᠶᠠᠷᠢᠵᠤ ᠥᠩᠭᠡᠷᠡᠭᠰᠡᠨ ᠶᠦᠮ᠃ ᠥᠪᠡᠷ ᠦ᠋ᠨ ᠨᠡᠷᠡᠯᠬᠡᠦ ᠰᠡᠳᠬᠢᠯ ᠡᠴᠡ ᠪᠣᠯᠤᠭᠰᠠᠨ ᠪᠤᠶᠤ ᠲᠡᠷᠡ ᠦᠶ᠎ᠡ ᠳ᠋ᠦ᠍ ᠣᠷᠣᠰ ᠤ᠋ᠨ ᠨᠡᠢᠰᠯᠡᠯ ᠳ᠋ᠦ᠍ ᠠᠶᠠᠯᠠᠨ ᠬᠦᠷᠬᠦ ᠨᠢ ᠦᠨᠡᠨ ᠲᠣᠮᠣ ᠤᠴᠢᠷ ᠪᠠᠢᠭᠰᠠᠨ ᠪᠠᠢᠵᠤ ᠴᠤ᠌ ᠮᠡᠳᠡᠨ᠎ᠡ᠃
- ᠥᠨᠥᠳᠥᠷ ᠪᠠᠬᠠᠨ ᠣᠨᠳᠣᠣ ᠶᠠᠭᠤᠮ᠎ᠠ ᠶᠠᠷᠢᠵᠤ ᠪᠣᠯᠤᠨ᠎ᠠ ᠰᠢᠦ ᠭᠡᠵᠦ ᠪᠢ ᠲᠡᠭᠦᠨ ᠦ᠌ ᠶᠠᠷᠢᠶ᠎ᠠ ᠶ᠋ᠢ ᠲᠠᠰᠤᠯᠤᠭᠠᠳ:
- ᠴᠢ ᠬᠠᠮᠢᠭ᠎ᠠ ᠴᠢᠨᠦ ᠵᠠᠷᠤᠴᠠ ᠰᠠᠷᠵᠢ ᠲᠠᠢ ᠠᠭᠤᠯᠵᠠᠭᠰᠠᠨ ᠪᠣᠢ ? ᠭᠡᠵᠦ ᠠᠰᠠᠭᠤᠯ᠎ᠠ᠃
ᠷᠠᠰᠢ ᠨᠠᠮᠠᠶ᠋ᠢ ᠢᠲᠡᠭᠡᠬᠦ ᠦᠭᠡᠢ ᠮᠡᠲᠦ ᠨᠡᠯᠢᠶᠡᠳ ᠤᠳᠠᠭᠠᠨ ᠬᠠᠷᠠᠵᠤ ᠪᠠᠢᠭᠰᠠᠨ ᠢ᠋ᠶ᠋ᠠᠨ ᠪᠤᠴᠠᠨ ᠢᠨᠢᠶᠡᠮᠰᠦᠭᠯᠡᠭᠡᠳ:
- ᠬᠣᠩᠭᠣᠷ ᠣᠳᠣ ᠤᠳᠠᠯ ᠦᠭᠡᠢ ᠠᠷᠪᠠᠨ ᠬᠣᠶᠠᠷ ᠵᠢᠯ ᠦ᠋ᠨ ᠡᠮᠦᠨᠡᠬᠢ ᠰᠠᠷᠵᠢ ᠶ᠋ᠢᠨ ᠠᠪᠤ ᠶ᠋ᠢᠨ ᠬᠢᠨ ᠳ᠋ᠦ᠍ ᠲᠡᠭᠦᠨ ᠲᠡᠢ ᠠᠭᠤᠯᠵᠠᠵᠤ ᠪᠠᠢᠭᠰᠠᠨ ᠰᠢᠭ᠋ ᠰᠡᠷᠭᠦᠯᠡᠩ ᠮᠥᠷᠲᠡᠭᠡᠨ ᠬᠥᠭᠡᠷᠦᠬᠦᠨ ᠬᠡᠦᠬᠡᠨ ᠪᠣᠯᠤᠨ᠎ᠠ ᠠ᠋᠃ ᠬᠣᠩᠭᠣᠷ ᠴᠢᠨᠢ ᠮᠢᠨᠦ ᠥᠬᠢᠨ ᠰᠢᠦ ! ᠨᠢᠭᠡ ᠬᠦᠦ ᠲᠡᠢ ᠪᠣᠯᠤᠶ᠎ᠠ ᠭᠡᠵᠦ ᠲᠡᠷᠡ ᠦᠶ᠎ᠡ ᠳ᠋ᠦ᠍ ᠪᠢ ᠦᠨᠡᠨ ᠳ᠋ᠡᠭᠡᠨ ᠶᠡᠬᠡ ᠬᠦᠰᠡᠵᠦ ᠪᠠᠢᠭᠰᠠᠨ ᠶᠤᠮ ᠭᠡᠵᠦ ᠣᠮᠣᠭᠰᠢᠯᠲᠠᠢ ᠮᠥᠷᠲᠡᠭᠡᠨ ᠢᠴᠢᠭᠰᠡᠨ ᠮᠡᠲᠦ ᠶᠠᠷᠢᠪᠠ᠃
ᠪᠢ ᠠᠪᠴᠤ ᠶᠠᠪᠤᠵᠤ ᠪᠠᠢᠭ᠎ᠠ ᠠᠷᠢᠬᠢᠨ ᠠ᠋ᠴᠠ ᠷᠠᠰᠢ ᠳ᠋ᠤ᠌ ᠨᠢᠭᠡ ᠪᠠᠯᠭᠤ ᠥᠭᠭᠦᠭᠡᠳ ᠨᠡᠩ ᠣᠯᠠᠨ ᠢ᠋ ᠰᠣᠨᠣᠰᠤᠨ᠎ᠠ ᠭᠡᠮᠡᠨ ᠣᠷᠣᠯᠳᠣᠯ᠎ᠠ᠃
- ᠬᠠᠷᠠᠭ᠎ᠠ ᠦᠭᠡᠢ ᠤᠤ ? ᠮᠥᠨ ᠡᠨᠡ ᠠᠷᠢᠬᠢ ᠶ᠋ᠢ ᠤᠤᠭᠤᠬᠤ ᠨᠢ ᠪᠤᠷᠤᠭᠤ ᠮᠡᠲᠦ ᠲᠡᠷᠡ ᠦᠶ᠎ᠡ ᠳ᠋ᠦ᠍ ᠰᠠᠷᠵᠢ ᠶ᠋ᠢᠨ ᠠᠪᠤ ᠶ᠋ᠢᠨ ᠬᠢᠨ ᠳ᠋ᠦ᠍ ᠨᠢᠭᠡ ᠬᠣᠨᠣᠭ ᠠ᠋ᠴᠠ ᠢᠯᠡᠭᠦᠦ ᠬᠣᠨᠣᠭᠯᠠᠬᠤ ᠦᠭᠡᠢ ᠪᠠᠢᠭᠰᠠᠨ ᠪᠣᠯ ᠲᠠᠭᠠᠷᠠᠬᠤ ᠶᠤᠮᠰᠠᠨ᠃
ᠷᠠᠰᠢ ᠠᠶᠠᠭᠠᠨ ᠳ᠋ᠠᠬᠢ ᠦᠯᠡᠳᠡᠪᠦᠷᠢ ᠪᠡᠨ ᠰᠣᠷᠣᠨ ᠵᠠᠯᠭᠢᠵᠤ᠂ ᠴᠢᠷᠠᠢ ᠪᠠᠨ ᠦᠷᠴᠢᠢᠯᠭᠡᠭᠰᠡᠨ ᠢ᠋ᠶ᠋ᠡᠨ ᠵᠠᠯᠭᠠᠵᠤ ᠥᠩᠭᠡᠷᠡᠯᠲᠡ ᠪᠡᠨ ᠬᠡᠯᠡᠯ᠎ᠡ᠃
- ᠲᠡᠷᠡ ᠦᠶ᠎ᠡ ᠳ᠋ᠦ᠍ ᠪᠢ ᠵᠠᠯᠠᠭᠤ ᠪᠠᠢᠭᠰᠠᠨ᠂ ᠰᠠᠷᠵᠢ ᠴᠤ᠌ ᠭᠣᠶᠣ ᠰᠠᠢᠬᠠᠨ ᠬᠡᠦᠬᠡᠨ ᠪᠠᠢᠭᠰᠠᠨ ᠶᠤᠮ᠃ ᠪᠢ ᠰᠠᠨᠲ ᠫᠸᠲ᠋ᠸᠪᠦ᠋ᠷᠡᠭ ᠦ᠋ᠨ ᠬᠣᠯᠠ ᠠᠶᠠᠯᠠᠯ ᠠ᠋ᠴᠠ ᠪᠤᠴᠠᠵᠤ ᠢᠷᠡᠭᠰᠡᠨ ᠦᠶ᠎ᠡ ᠳ᠋ᠦ᠍ ᠪᠠᠢᠭᠰᠠᠨ ᠰᠠᠨ᠃ ᠰᠠᠷᠵᠢ ᠶ᠋ᠢᠨ ᠦᠵᠡᠰᠬᠦᠯᠡᠩ ᠴᠣᠪᠣᠭᠣᠯᠢᠭ ᠨᠢ ᠶᠠᠭ ᠯᠠ ᠬᠣᠩᠭᠣᠷ ᠰᠢᠭ᠋ ᠪᠠᠢᠭᠰᠠᠨ᠂ ᠵᠥᠪᠬᠡᠨ ᠨᠠᠰᠤ ᠨᠢ ᠪᠠᠬᠠᠨ ᠶᠡᠬᠡ ᠲᠡᠳᠦᠢ᠃ ᠪᠢ ᠪᠤᠷᠬᠠᠨ ᠤ᠋ ᠡᠮᠦᠨ᠎ᠡ ᠡᠷᠭᠦᠭᠰᠡᠨ ᠲᠠᠩᠭᠠᠷᠢᠭ ᠢ᠋ᠶ᠋ᠠᠨ ᠮᠠᠷᠲᠠᠵᠤ᠂ ᠲᠡᠳᠡᠨ ᠦ᠌ ᠳ᠋ᠦ᠍ ᠣᠯᠠᠨ ᠬᠣᠨᠣᠭ ᠰᠠᠭᠤᠪᠠ᠃ ᠬᠡᠳᠦᠢᠪᠡᠷ ᠡᠷ᠎ᠡ ᠬᠥᠮᠦᠨ ᠦ᠌ ᠠᠵᠢᠯ ᠪᠢᠰᠢ ᠪᠣᠯᠪᠠᠴᠤ ᠡᠳᠦᠷ ᠲᠤᠵᠢ ᠪᠢ ᠰᠠᠷᠵᠢ ᠶ᠋ᠢ ᠬᠠᠪᠰᠤᠷᠤᠨ ᠬᠥᠳᠡᠭᠡ ᠭᠠᠳᠠᠨᠠᠬᠢ ᠠᠵᠢᠯ ᠢ᠋ ᠨᠢ ᠬᠢᠵᠦ᠂ ᠰᠥᠨᠢ ᠳ᠋ᠡᠭᠡᠨ ᠲᠡᠳᠡᠨ ᠦ᠌ ᠴᠣᠷ ᠤ᠋ᠨ ᠭᠠᠭᠴᠠᠬᠠᠨ ᠭᠡᠷ ᠲᠦ᠍ ᠨᠢ ᠠᠪᠤ ᠡᠵᠢ᠂ ᠰᠠᠷᠵᠢ ᠪᠢᠳᠡᠨ ᠳᠥᠷᠪᠡᠭᠦᠯᠡ ᠬᠣᠨᠣᠳᠠᠭ ᠪᠠᠢᠭᠰᠠᠨ ᠶᠤᠮ᠃ ᠮᠢᠨᠦ ᠬᠠᠢᠷ᠎ᠠ ᠶ᠋ᠢᠨ ᠬᠠᠷᠢᠭᠤ ᠳ᠋ᠤ᠌ ᠰᠠᠷᠵᠢ ᠥᠴᠦᠬᠡᠨ ᠴᠦ᠍ ᠠᠵᠢᠭ ᠮᠡᠳᠡᠭᠳᠡᠬᠦ ᠦᠭᠡᠢ ᠪᠠᠢᠯ᠎ᠠ᠃ ᠨᠢᠭᠡᠨ ᠰᠥᠨᠢ ᠪᠢ ᠲᠡᠭᠦᠨ ᠦ᠌ ᠭᠠᠷ ᠪᠣᠯᠤᠨ ᠬᠠᠴᠠᠷ ᠢ᠋ ᠨᠢ ᠢᠯᠢᠬᠦ ᠭᠡᠮᠡᠨ ᠣᠷᠣᠯᠳᠣᠭᠰᠠᠨ ᠳ᠋ᠤ᠌ ᠲᠡᠷᠡ ᠠᠭᠤᠷᠯᠠᠨ ᠵᠠᠩᠨᠠᠭᠰᠠᠨ ᠪᠥᠭᠡᠳ ᠴᠠᠭᠠᠰᠢ ᠪᠠᠨ ᠬᠠᠨᠳᠤᠵᠤ ᠬᠡᠪᠲᠡᠪᠡ᠃ ᠡᠨᠡ ᠦᠶ᠎ᠡ ᠳ᠋ᠦ᠍ ᠲᠡᠭᠦᠨ ᠦ᠌ ᠡᠵᠢ ᠠᠪᠤ ᠨᠢ ᠬᠥᠨᠵᠢᠯᠡ ᠪᠡᠷ ᠢ᠋ᠶ᠋ᠡᠨ ᠲᠣᠯᠣᠭᠠᠢ ᠪᠠᠨ ᠪᠦᠲᠡᠭᠡᠵᠦ᠂ ᠨᠠᠳᠠ ᠵᠣᠷᠢᠭ ᠣᠷᠣᠭᠤᠯᠵᠤ ᠪᠠᠢᠯ᠎ᠠ᠃ ᠬᠡᠳᠦᠢᠪᠡᠷ ᠨᠢᠭᠡ ᠤᠳᠠᠭᠠᠨ ᠤ᠋ ᠡᠰᠡᠷᠭᠦᠴᠡᠯ ᠳ᠋ᠦ᠍ ᠤᠴᠠᠷᠠᠭᠰᠠᠨ ᠪᠣᠯᠪᠠᠴᠤ ᠨᠠᠳᠠ ᠳ᠋ᠤ᠌ ᠠᠳᠠ ᠠ᠋ᠴᠠ ᠠᠶᠠᠷᠯᠠᠬᠤ ᠵᠣᠷᠢᠭ ᠢ᠋ ᠣᠯᠭᠣᠵᠤ ᠴᠢᠳᠠᠭᠰᠠᠨ ᠦᠭᠡᠢ ᠶᠦᠮ᠃ ᠮᠠᠷᠭᠠᠰᠢ ᠥᠷᠯᠥᠭᠡ ᠨᠢ ᠡᠵᠢ ᠳ᠋ᠦ᠍ᠨᠢ ᠪᠢ ᠵᠣᠪᠠᠯᠠᠩ ᠢ᠋ᠶ᠋ᠠᠨ ᠲᠣᠭᠠᠯᠠᠵᠤ: 《ᠲᠠ ᠴᠦ᠍ ᠬᠥᠮᠦᠨ ᠳ᠋ᠦ᠍ ᠨᠠᠢᠷᠰᠠᠭ ᠪᠤᠰᠤ ᠨᠢᠭᠡ ᠥᠬᠢᠨ ᠲᠡᠢ ᠶᠦᠮ ᠠ᠋᠂ ᠲᠠ ᠲᠡᠭᠦᠨ ᠳ᠋ᠦ᠍ ᠵᠣᠴᠢᠨ ᠳ᠋ᠠᠭᠠᠨ ᠬᠠᠯᠠᠭᠤᠮᠰᠤᠭ ᠰᠠᠢᠬᠠᠨ ᠪᠠᠢᠭᠠᠴᠢ ᠭᠡᠵᠦ ᠵᠠᠬᠢᠵᠤ ᠪᠠᠢᠭᠠᠷᠠᠢ! 》 ᠭᠡᠰᠡᠨ ᠳ᠋ᠦ᠍ ᠬᠥᠭᠰᠢᠨ ᠬᠠᠳᠠᠭᠠᠨᠠᠲᠠᠯ᠎ᠠ ᠪᠠᠨ ᠢᠨᠢᠶᠡᠭᠡᠳ: 《ᠲᠡᠭᠡᠪᠡᠯ ᠴᠢ ᠥᠪᠡᠷ ᠢ᠋ᠶ᠋ᠡᠨ ᠲᠡᠭᠦᠨ ᠳ᠋ᠦ᠍ ᠬᠡᠯᠡᠳᠡᠭ ᠪᠢᠵᠡ ᠳᠡ᠃ ᠴᠢ ᠴᠢᠨᠢ ᠲᠡᠭᠡᠭᠡᠳ ᠡᠷ᠎ᠡ ᠬᠥᠮᠦᠨ ᠮᠥᠷᠲᠡᠭᠡᠨ ᠯᠠᠮᠠ ᠬᠤᠪᠴᠠᠰᠤ ᠲᠠᠢ ᠪᠠᠢᠭ᠎ᠠ ᠪᠢᠰᠢ ᠶᠦᠮ ᠤᠤ ? 》 ᠭᠡᠯᠡ᠃ ᠢᠩᠭᠢᠭᠡᠳ ᠪᠢ ᠰᠦᠮ᠎ᠡ ᠳ᠋ᠦ᠍ ᠪᠤᠴᠠᠬᠤ ᠪᠠᠨ ᠪᠣᠯᠢᠭᠠᠳ ᠰᠠᠷᠵᠢ ᠲᠠᠢ ᠬᠠᠮᠲᠤ ᠪᠠᠢᠬᠤ ᠪᠣᠯᠤᠭᠰᠠᠨ ᠶᠤᠮ᠃ ᠲᠡᠷᠡ ᠮᠢᠨᠦ ᠬᠠᠢᠷ᠎ᠠ ᠶ᠋ᠢ ᠬᠦᠯᠢᠶᠡᠨ ᠠᠪᠲᠠᠯ᠎ᠠ ᠪᠠᠰᠠ ᠨᠡᠯᠢᠶᠡᠳ ᠤᠳᠠᠭᠰᠠᠨ ᠪᠥᠭᠡᠳ ᠲᠡᠭᠦᠨ ᠡᠴᠡ ᠬᠣᠢᠰᠢ ᠪᠢᠳᠡ ᠭᠤᠷᠪᠠᠨ ᠵᠢᠯ ᠵᠢᠷᠭᠠᠯᠲᠠᠢ ᠰᠠᠢᠬᠠᠨ ᠠᠮᠢᠳᠤᠷᠠᠭᠰᠠᠨ ᠪᠢᠯᠡ᠃ ᠪᠢ ᠮᠥᠨ ᠯᠠᠮᠠ ᠪᠠᠷ ᠢ᠋ᠶ᠋ᠠᠨ ᠪᠠᠢᠵᠤ᠂ ᠪᠢᠳᠡ ᠬᠤᠷᠢᠮ ᠬᠢᠭᠰᠡᠨ ᠦᠭᠡᠢ᠃ ᠭᠡᠬᠦ ᠳ᠋ᠦ᠍ ᠪᠢᠳᠡ ᠡᠨᠡ ᠵᠢᠷᠭᠠᠯᠲᠠᠢ ᠰᠠᠢᠬᠠᠨ ᠠᠮᠢᠳᠤᠷᠠᠯ ᠪᠠ ᠬᠤᠪᠢ ᠵᠠᠶᠠᠭᠠᠨ ᠳ᠋ᠠᠭᠠᠨ ᠰᠡᠳᠬᠢᠯ ᠬᠠᠨᠤᠮᠵᠢᠲᠠᠢ ᠪᠠᠢᠵᠤ᠂ ᠬᠣᠩᠭᠣᠷ ᠶᠠᠭ ᠡᠨᠡ ᠰᠠᠢᠬᠠᠨ ᠴᠠᠭ ᠦᠶ᠎ᠡ ᠳ᠋ᠦ᠍ ᠶᠢᠷᠲᠢᠨᠴᠦ ᠳ᠋ᠦ᠍ ᠬᠦᠷᠴᠦ ᠢᠷᠡᠭᠰᠡᠨ ᠶᠦᠮ᠃ ᠲᠡᠭᠡᠭᠡᠳ ᠯᠡ ᠬᠥᠭᠰᠢᠴᠦᠦᠯ ᠤᠷᠢᠳ ᠬᠣᠵᠢᠳ ᠪᠤᠷᠬᠠᠨ ᠪᠤᠯᠵᠠᠭᠠᠵᠤ ᠂ ᠪᠣᠯᠱᠧᠸᠢᠭ ᠨᠠᠮ ᠤ᠋ᠨ ᠬᠢᠨ ᠬᠦᠷᠴᠦ ᠢᠷᠡᠯ᠎ᠡ᠃ ᠲᠡᠭᠡᠭᠡᠳ ᠶᠡᠬᠡ ᠬᠦᠷᠢᠶ᠎ᠡ ᠳ᠋ᠦ᠍ ᠪᠠᠢᠭᠰᠠᠨ ᠪᠣᠭᠳᠠ ᠬᠤᠲᠤᠭᠲᠤ ᠶ᠋ᠢᠨ ᠬᠣᠣᠷᠯᠠᠭᠳᠠᠭᠰᠠᠨ ᠬᠤᠪᠢ ᠵᠠᠶᠠᠭ᠎ᠠ ᠲᠠᠢ ᠠᠳᠠᠯᠢ ᠪᠣᠯᠬᠤ ᠠ᠋ᠴᠠ ᠡᠮᠢᠶᠡᠨ ᠪᠢᠳᠡ ᠳᠦᠷᠪᠡᠭᠰᠡᠨ ᠶᠦᠮ ᠭᠡᠯᠡ᠃
ᠷᠠᠰᠢ ᠴᠠᠢ ᠶ᠋ᠢᠨ ᠳᠡᠪᠦᠷ᠎ᠡ ᠶ᠋ᠢ ᠡᠷᠭᠦᠨ ᠠᠪᠴᠤ ᠠᠶᠠᠭ᠎ᠠ ᠪᠠᠨ ᠳᠦᠭᠦᠷᠭᠡᠭᠡᠳ᠂ ᠲᠠᠮᠠᠬᠢ ᠪᠠᠨ ᠨᠣᠴᠣᠭᠠᠵᠤ ᠠᠪᠤᠭᠰᠠᠨ ᠢ᠋ᠶ᠋ᠠᠨ ᠦᠷᠭᠦᠯᠵᠢᠯᠡᠨ ᠶᠠᠷᠢᠯ᠎ᠠ:
- ᠪᠢᠳᠡ ᠰᠡᠳᠬᠢᠯ ᠥᠶᠥᠭ ᠡᠩᠬᠡ ᠲᠠᠢᠪᠤᠩ ᠠᠮᠢᠳᠤᠷᠠᠵᠤ ᠪᠠᠢᠭᠰᠠᠨ᠃ ᠭᠡᠬᠦ ᠳ᠋ᠦ᠍ ᠥᠨᠢᠷ ᠰᠠᠢᠬᠠᠨ ᠠᠮᠢᠳᠤᠷᠠᠯ ᠮᠢᠨᠢ ᠡᠪᠳᠡᠭᠳᠡᠵᠦ᠂ ᠠᠳᠠ ᠴᠢᠳᠬᠥᠷ ᠮᠢᠨᠦ ᠬᠣᠢᠨ᠎ᠠ ᠠ᠋ᠴᠠ ᠬᠥᠭᠡᠭᠡᠴᠡᠯᠳᠦᠨ ᠪᠠᠢᠪᠠ᠃ ᠲᠡᠳᠡ ᠠᠳᠤᠭᠤ ᠶ᠋ᠢ ᠮᠢᠨᠢ ᠡᠪᠡᠳᠴᠢᠯᠡᠭᠦᠯᠵᠦ᠂ ᠲᠠᠪᠤᠬᠠᠨ ᠲᠡᠮᠡᠭᠡ ᠠᠮᠢᠳᠤ ᠦᠯᠡᠳᠡᠭᠰᠡᠨ ᠪᠥᠭᠡᠳ ᠲᠡᠭᠦᠨ ᠡᠴᠡ ᠬᠣᠶᠠᠷ ᠨᠢ ᠪᠠᠰᠠ ᠤᠳᠠᠯ ᠦᠭᠡᠢ ᠦᠬᠦᠬᠦ ᠪᠡᠷ ᠪᠠᠢᠨ᠎ᠠ᠃ ᠪᠢ ᠵᠠᠪᠠᠯ ᠪᠦᠬᠦ ᠶᠠᠭᠤᠮ᠎ᠠ ᠪᠠᠨ ᠣᠷᠬᠢᠵᠤ᠂ ᠶᠠᠳᠠᠭᠤ ᠨᠢᠴᠦᠭᠦᠨ ᠢ᠋ᠶ᠋ᠡᠷ ᠪᠠᠳᠢᠷᠴᠢᠯᠠᠨ ᠮᠥᠷᠭᠥᠯ ᠳ᠋ᠦ᠍ ᠮᠣᠷᠳᠠᠬᠤ ᠬᠡᠷᠡᠭᠲᠡᠢ᠃
ᠠᠯᠢᠶ᠎ᠠ ᠳᠡᠭᠵᠢᠨ ᠨᠢᠳᠦ ᠲᠡᠢ ᠵᠢᠭᠠᠯ ᠬᠣᠩᠭᠣᠷ ᠭᠡᠷ ᠲᠦ᠍ ᠰᠡᠮᠡᠭᠡᠷᠬᠡᠨ ᠣᠷᠣᠵᠤ ᠢᠷᠡᠪᠡ᠃ ᠲᠡᠷᠡ ᠷᠠᠰᠢ ᠪᠢᠳᠡ ᠬᠣᠶᠠᠷ ᠤ᠋ᠨ ᠳᠤᠮᠳᠠ ᠰᠠᠭᠤᠵᠤ᠂ ᠤᠳᠠᠬᠤ ᠦᠭᠡᠢ ᠤᠳᠠᠬᠤ ᠦᠭᠡᠢ ᠠᠪᠤ ᠶ᠋ᠢᠨ ᠢ᠋ᠶ᠋ᠡᠨ ᠴᠢᠬᠢᠨ ᠡᠴᠡ ᠪᠤᠶᠤ ᠮᠢᠨᠦ ᠠᠷᠠᠰᠤᠨ ᠳᠡᠪᠡᠯ ᠡᠴᠡ ᠲᠠᠲᠠᠵᠤ ᠪᠠᠢᠪᠠ᠃ ᠷᠠᠰᠢ ᠬᠠᠢᠷ᠎ᠠ ᠪᠢᠯᠬᠠᠭᠰᠠᠨ ᠨᠢᠳᠦ ᠪᠡᠷ ᠬᠣᠩᠭᠣᠷ ᠢ᠋ ᠬᠠᠷᠠᠬᠤ ᠶ᠋ᠢᠨ ᠳᠠᠭᠠᠤ ᠭᠢᠯᠲᠦᠭᠡᠨᠡᠭᠰᠡᠨ ᠬᠦ ᠬᠠᠷ᠎ᠠ ᠭᠡᠵᠢᠭᠡ ᠶ᠋ᠢ ᠨᠢ ᠢᠯᠪᠢᠵᠦ ᠪᠠᠢᠯ᠎ᠠ᠃ ᠪᠢᠳᠡᠨ ᠦ᠌ ᠨᠢᠭᠡᠨ ᠵᠡᠷᠭᠡ ᠳᠤᠭᠤᠢ ᠪᠠᠢᠭᠰᠠᠨ ᠡᠨᠡ ᠬᠣᠷᠣᠮ ᠳ᠋ᠤ᠌ ᠭᠡᠷ ᠦ᠋ᠨ ᠡᠵᠡᠨ ᠦ᠌ ᠨᠢᠭᠤᠷ ᠴᠢᠷᠠᠢ ᠳ᠋ᠠᠬᠢ ᠭᠤᠨᠢᠭ ᠵᠣᠪᠠᠯᠠᠩ ᠨᠢ ᠪᠦᠷᠢᠮᠦᠰᠦᠨ ᠠᠷᠢᠯᠵᠤ᠂ ᠪᠠᠶᠠᠷ ᠪᠠᠶᠠᠰᠤᠯ ᠲᠣᠳᠣᠷᠠᠯ᠎ᠠ᠃ ᠷᠠᠰᠢ ᠬᠡᠦᠬᠡᠳ ᠲᠡᠢ ᠪᠡᠨ ᠢᠨᠢᠶᠡᠯᠳᠦᠨ ᠲᠣᠭᠯᠠᠵᠤ᠂ ᠬᠣᠩᠭᠣᠷ ᠢ᠋ᠶ᠋ᠠᠷ ᠲᠡᠭᠦᠨ ᠦ᠌ ᠬᠠᠮᠠᠷ᠂ ᠤᠷᠤᠭᠤᠯ ᠵᠢᠴᠢ ᠲᠣᠭᠠᠲᠠᠢ ᠬᠡᠳᠦᠨ ᠰᠠᠬᠠᠯ ᠢ᠋ᠶ᠋ᠠᠨ ᠪᠠᠷᠢᠭᠤᠯᠵᠤ ᠯᠠ ᠪᠠᠢᠪᠠ᠃ ᠲᠡᠭᠡᠭᠡᠳ ᠬᠣᠩᠭᠣᠷ ᠨᠠᠳᠠ ᠤᠷᠤᠭᠤ ᠣᠢᠷᠠᠳᠴᠤ:
- ᠴᠢ ᠬᠡᠳᠦᠢ ᠲᠡᠮᠡᠭᠡ ᠲᠡᠢ ᠶᠦᠮ ᠪᠣᠢ ? ᠭᠡᠵᠦ ᠠᠰᠠᠭᠤᠬᠤ ᠳ᠋ᠤ᠌ ᠷᠠᠰᠢ ᠪᠢᠳᠡ ᠬᠣᠶᠠᠭᠤᠯᠠ ᠬᠠᠳᠠᠭᠠᠨᠠᠲᠠᠯ᠎ᠠ ᠪᠠᠨ ᠢᠨᠢᠶᠡᠯᠳᠦᠪᠡ᠃
- ᠴᠢ ᠲᠡᠭᠡᠪᠡᠯ ᠬᠡᠳᠦᠢ ᠬᠣᠨᠢ ᠲᠠᠢ ᠶᠤᠮ ᠪᠣᠢ ? ᠭᠡᠵᠦ ᠠᠬᠢᠨ ᠯᠠᠪᠯᠠᠪᠠ᠃
- ᠪᠠᠢᠬᠤ ᠦᠭᠡᠢ᠃
- ᠲᠡᠭᠡᠪᠡᠯ ᠴᠢ ᠯᠠᠪ ᠶᠡᠬᠡ ᠣᠯᠠᠨ ᠰᠠᠢᠬᠠᠨ ᠮᠣᠷᠢ ᠲᠠᠢ ᠪᠢᠵᠡ ?
- ᠪᠢ ᠴᠢᠨᠢ ᠶᠡᠬᠡ ᠶᠠᠳᠠᠭᠤ ᠰᠢᠦ᠂ ᠲᠠᠨ ᠤ᠋ ᠳ᠋ᠤ᠌ ᠢᠷᠡᠬᠦ ᠳ᠋ᠡᠭᠡᠨ ᠪᠢ ᠨᠢᠭᠡ ᠮᠣᠷᠢ ᠵᠢᠭᠡᠯᠡᠮᠡᠨᠵᠢᠨ ᠰᠠᠶᠢ ᠢᠷᠡᠵᠦ ᠳᠡᠢᠯᠦᠨ᠎ᠡ ᠰᠢᠦ ᠭᠡᠵᠦ ᠪᠢ ᠬᠠᠷᠢᠭᠤᠯᠪᠠ᠃ ᠡᠨᠡ ᠥᠬᠢᠨ ᠢᠰᠡᠭᠡᠢ ᠳᠡᠭᠡᠷ᠎ᠡ ᠬᠡᠪᠲᠡᠭᠡᠳ ᠢᠨᠢᠶᠡᠬᠦ ᠶ᠋ᠢᠨ ᠳᠠᠭᠠᠤ ᠨᠠᠳᠠ ᠤᠷᠤᠭᠤ ᠬᠠᠨᠳᠤᠨ:
- ᠪᠢ ᠴᠢᠮᠠᠶ᠋ᠢ ᠶᠡᠬᠡ ᠪᠠᠶᠠᠨ ᠬᠥᠮᠦᠨ ᠭᠡᠳᠡᠭ ᠢ᠋ ᠮᠡᠳᠡᠨ᠎ᠡ᠃ ᠴᠢ ᠲᠡᠭᠡᠭᠡᠳ ᠣᠳᠣ ᠨᠠᠳᠠ ᠪᠡᠭᠡᠵᠢᠩ ᠳ᠋ᠦ᠍ ᠬᠡᠳᠦᠨ ᠬᠡᠦᠬᠡᠳ ᠲᠡᠢ ᠪᠠᠢᠭ᠎ᠠ ᠪᠠᠨ ᠦᠨᠡᠨ ᠢ᠋ᠶ᠋ᠡᠷ ᠨᠢ ᠬᠡᠯᠡᠭᠡᠴᠢ ! ᠭᠡᠯᠡ᠃
- ᠬᠡᠷᠪᠡ ᠴᠢ ᠨᠠᠳᠠ ᠲᠠᠢ ᠴᠣᠭ ᠶᠠᠪᠤᠬᠤ ᠳ᠋ᠤ᠌ ᠬᠦᠷᠪᠡᠯ ᠴᠢ ᠮᠢᠨᠦ ᠴᠣᠷ ᠤ᠋ᠨ ᠭᠠᠭᠴᠠ ᠥᠬᠢᠨ ᠪᠣᠯᠤᠨ᠎ᠠ ᠳᠠ᠃
- ᠦᠭᠡᠢ᠂ ᠦᠭᠡᠢ ! ᠴᠢ ᠬᠡᠷᠪᠡ ᠲᠡᠮᠡᠭᠡ ᠬᠣᠨᠢ ᠠᠳᠤᠭᠤ ᠦᠭᠡᠢ ᠶᠦᠮ ᠪᠣᠯ ᠪᠢ ᠴᠦ᠍ ᠴᠢᠨᠦ ᠥᠬᠢᠨ ᠪᠣᠯᠬᠤ ᠦᠭᠡᠢ ᠭᠡᠵᠦ ᠬᠣᠩᠭᠣᠷ ᠵᠢᠵᠢᠭᠬᠡᠨ ᠬᠥᠯ ᠢ᠋ᠶ᠋ᠡᠨ ᠢᠰᠬᠦᠴᠢᠨ ᠬᠡᠯᠡᠪᠡ᠃ ᠷᠠᠰᠢ ᠲᠡᠭᠦᠨ ᠢ᠋ ᠶᠣᠰᠣ ᠦᠭᠡᠢ ᠭᠡᠮᠡᠨ ᠵᠢᠮᠡᠯᠡᠭᠡᠳ᠂ ᠪᠡᠶ᠎ᠡ ᠳ᠋ᠡᠭᠡᠨ ᠲᠡᠳᠡᠨ ᠠᠪᠠᠴᠢᠵᠤ᠂ ᠬᠠᠴᠠᠷ ᠢ᠋ ᠨᠢ ᠢᠯᠪᠢᠨ ᠬᠠᠢᠷᠠᠯᠠᠵᠤ ᠪᠠᠢᠪᠠ᠃
- ᠡᠵᠢ ᠨᠢ ᠭᠡᠵᠦ ᠡᠢᠮᠦ ᠯᠡ ᠬᠥᠮᠦᠨ ᠪᠠᠢᠭᠰᠠᠨ ᠶᠤᠮ ᠭᠡᠵᠦ ᠬᠡᠯᠡᠭᠡᠳ᠂ ᠰᠠᠷᠵᠢ ᠶ᠋ᠢ ᠲᠣᠮᠣ ᠢᠯᠠᠭᠠᠷ ᠲᠣᠭᠣᠭ᠎ᠠ ᠪᠠᠷᠢᠨ ᠣᠷᠣᠵᠤ ᠢᠷᠡᠬᠦ ᠪᠡᠷ ᠨᠢ ᠴᠢ ᠥᠬᠢᠨ ᠳ᠋ᠡᠭᠡᠨ ᠶᠣᠰᠣᠷᠬᠠᠭ ᠳᠠᠷᠤᠤ ᠪᠠᠢᠬᠤ ᠶ᠋ᠢ ᠰᠤᠷᠭᠠᠵᠤ ᠪᠠᠢᠭᠠᠴᠢ ᠭᠡᠵᠦ ᠬᠡᠯᠡᠯ᠎ᠡ᠃ ᠰᠠᠷᠵᠢ ᠨᠢᠳᠦ ᠪᠡᠨ ᠭᠠᠷ ᠳᠠᠬᠢ ᠬᠢᠵᠦ ᠪᠠᠢᠭ᠎ᠠ ᠠᠵᠢᠯ ᠠ᠋ᠴᠠ ᠪᠠᠨ ᠰᠠᠯᠭᠠᠵᠤ ᠥᠬᠢᠨ ᠢ᠋ᠶ᠋ᠡᠨ ᠭᠠᠢᠬᠠᠨ ᠬᠠᠷᠠᠵᠤ ᠠᠪᠤᠭᠰᠠᠨ ᠢ᠋ᠶ᠋ᠠᠨ :《ᠬᠡᠦᠬᠡ ᠠ᠋᠂ ᠨᠠᠭᠠᠰᠢ ᠪᠠᠨ ! ᠴᠢ ᠨᠠᠳᠠ ᠬᠠᠪᠰᠤᠷᠴᠤ ᠪᠣᠯᠤᠨ᠎ᠠ ᠰᠢᠦ 》ᠭᠡᠯᠡ᠃ ᠬᠣᠩᠭᠣᠷ ᠦᠰᠦᠷᠦᠨ ᠪᠣᠰᠤᠭᠠᠳ᠂ ᠬᠠᠯᠠᠭᠤᠨ ᠲᠣᠭᠣᠭᠠᠨ ᠳ᠋ᠤ᠌ ᠬᠢᠭᠰᠡᠨ ᠥᠭᠡᠬᠦ ᠶ᠋ᠢ ᠬᠤᠳᠬᠤᠵᠤ ᠡᠬᠢᠯᠡᠪᠡ᠃ ᠷᠠᠰᠢ ᠴᠤ᠌ ᠪᠣᠰᠴᠤ ᠭᠠᠷ ᠢ᠋ᠶ᠋ᠠᠨ ᠤᠬᠢᠶᠠᠭᠠᠳ᠂ ᠲᠣᠭᠣᠭᠠᠨ ᠳ᠋ᠤ᠌ ᠬᠢᠬᠦ ᠬᠣᠨᠢᠨ ᠤ᠋ ᠮᠢᠬ᠎ᠠ ᠶ᠋ᠢ ᠦᠶᠡᠯᠡᠨ ᠡᠪᠳᠡᠵᠦ ᠡᠬᠢᠯᠡᠪᠡ᠃ ᠰᠠᠷᠵᠢ ᠨᠢᠭᠡ ᠲᠠᠯ᠎ᠠ ᠪᠠᠷ ᠢ᠋ᠶ᠋ᠠᠨ ᠲᠡᠭᠦᠨ ᠢ᠋ ᠬᠠᠪᠰᠤᠷᠴᠤ᠂ ᠨᠥᠭᠦᠭᠡ ᠲᠠᠯ᠎ᠠ ᠪᠠᠷ ᠢ᠋ᠶ᠋ᠠᠨ ᠲᠤᠯᠭᠠᠨ ᠭᠠᠯ ᠳ᠋ᠠᠭᠠᠨ ᠨᠢᠳᠦ ᠲᠠᠯᠪᠢᠵᠤ ᠪᠠᠢᠪᠠ᠃ ᠮᠢᠬ᠎ᠠ ᠣᠭᠲᠣᠯᠵᠤ ᠪᠠᠢᠭᠰᠠᠨ ᠷᠠᠰᠢ ᠭᠡᠨᠡᠳᠲᠡ ᠵᠣᠭᠰᠣᠭᠠᠳ᠂ ᠬᠢᠲᠤᠭ᠎ᠠ ᠪᠠᠨ ᠬᠠᠮᠢᠭᠠᠰᠢ ᠪᠠᠨ ᠬᠥᠳᠡᠯᠭᠡᠬᠦ ᠪᠡᠨ ᠪᠣᠳᠣᠯᠬᠢᠯᠠᠬᠤ ᠮᠡᠲᠦ ᠪᠣᠯᠵᠤ᠂ ᠰᠠᠷᠵᠢ ᠶ᠋ᠢ ᠬᠠᠷᠠᠭᠰᠠᠨ ᠴᠤ᠌ ᠦᠭᠡᠢ ᠡᠪ ᠡᠩ ᠦ᠋ᠨ ᠳᠠᠭᠤᠨ ᠢ᠋ᠶ᠋ᠠᠷ᠄
- ᠪᠢ ᠮᠠᠷᠭᠠᠰᠢ ᠮᠥᠷᠭᠥᠯ ᠬᠢᠬᠦ ᠪᠡᠷ ᠶᠠᠪᠤᠨ᠎ᠠ ᠭᠡᠯᠡ᠃ ᠲᠤᠯᠭᠠᠨ ᠤ᠋ ᠡᠮᠦᠨ᠎ᠡ ᠣᠴᠣᠢᠨ ᠰᠠᠭᠤᠵᠤ ᠪᠠᠢᠭᠰᠠᠨ ᠰᠠᠷᠵᠢ ᠬᠣᠶᠠᠷ ᠤᠳᠠᠭ᠎ᠠ ᠭᠠᠯ ᠤ᠋ᠨ ᠴᠣᠭ ᠢ᠋ ᠦᠯᠢᠶᠡᠭᠰᠡᠨ ᠢ᠋ᠶ᠋ᠡᠨ ᠦᠭᠡ ᠶᠠᠷᠢᠬᠤ ᠪᠠᠷ ᠪᠣᠰᠴᠤ ᠵᠣᠭᠰᠣᠯ᠎ᠠ᠃ ᠬᠠᠷᠢᠨ ᠬᠣᠩᠭᠣᠷ ᠡᠮᠦᠨ᠎ᠡ ᠨᠢ ᠭᠦᠶᠦᠨ ᠢᠷᠡᠵᠦ᠂ ᠪᠠᠶᠠᠷᠲᠠᠢ ᠪᠠᠷ ᠠᠬᠢᠨ ᠳᠠᠬᠢᠨ᠄ 《ᠪᠢᠳᠡ ᠮᠠᠷᠭᠠᠰᠢ ᠮᠥᠷᠭᠥᠯ ᠬᠢᠬᠦ ᠪᠡᠷ ᠶᠠᠪᠤᠨ᠎ᠠ 》ᠭᠡᠮᠡᠨ ᠬᠡᠯᠡᠵᠦ ᠪᠠᠢᠪᠠ᠃
- ᠴᠢ ᠬᠠᠷᠢᠨ ᠨᠠᠳᠠ ᠲᠠᠢ ᠴᠣᠭ ᠪᠠᠢᠬᠤ ᠪᠣᠯᠤᠨ᠎ᠠ᠃ ᠷᠠᠰᠢ ᠭᠠᠭᠴᠠ ᠪᠠᠷ ᠢ᠋ᠶ᠋ᠠᠨ ᠶᠠᠪᠤᠬᠤ ᠪᠣᠯᠤᠨ᠎ᠠ ᠭᠡᠵᠦ ᠳᠤᠷ᠎ᠠ ᠮᠠᠭᠤᠲᠠᠢᠬᠠᠨ ᠰᠢᠭ᠋ ᠬᠠᠲᠠᠭᠤᠬᠠᠨ ᠬᠡᠯᠡᠭᠰᠡᠨ ᠢ᠋ᠶ᠋ᠡᠨ ᠰᠠᠷᠵᠢ ᠠᠬᠢᠨ ᠰᠠᠢᠬᠠᠨ ᠦᠭᠡ ᠪᠡᠷ ᠥᠬᠢᠨ ᠢ᠋ᠶ᠋ᠡᠨ ᠠᠷᠭᠠᠳᠠᠭᠠᠳ ᠠᠯᠢ ᠡᠷᠲᠡᠨ ᠡᠴᠡ ᠮᠡᠳᠡᠳᠡᠭ ᠷᠠᠰᠢ ᠶ᠋ᠢᠨ ᠲᠥᠯᠥᠪᠯᠡᠭᠡ ᠳ᠋ᠦ᠍ ᠴᠢᠭᠯᠡᠭᠦᠯᠵᠦ᠄
- ᠡᠢᠮᠦ ᠤᠳᠠᠭᠠᠨ ᠪᠤᠷᠬᠠᠨ ᠢ᠋ᠶ᠋ᠠᠨ ᠳᠠᠭᠢᠭᠰᠠᠨ ᠦᠭᠡᠢ ᠰᠢᠦ ᠳᠡ᠂ ᠪᠤᠷᠬᠠᠨ ᠤ᠋ ᠥᠭᠭᠢᠶᠡᠮᠦᠷ ᠰᠡᠳᠬᠢᠯ ᠵᠢᠴᠢ ᠭᠡᠷᠡᠯ ᠭᠢᠯᠪᠠᠭ᠎ᠠ ᠨᠢ ᠦᠭᠡᠢ ᠪᠣᠯᠤᠭᠰᠠᠨ ᠪᠠᠢᠬ᠎ᠠ᠃ ᠴᠢ ᠲᠡᠭᠡᠭᠡᠳ ᠬᠡᠵᠢᠶ᠎ᠡ ᠪᠤᠴᠠᠵᠤ ᠢᠷᠡᠨ᠎ᠡ ᠪᠣᠢ ? ᠭᠡᠪᠡ᠃
- ᠲᠦᠮᠡᠨ ᠠᠮᠢᠲᠠᠨ ᠤ᠋ ᠳᠡᠭᠡᠳᠦ ᠪᠤᠷᠬᠠᠨ ᠯᠠ ᠪᠦᠬᠦᠨ ᠢ᠋ ᠮᠡᠳᠡᠨ᠎ᠡ᠃ ᠪᠢ ᠤᠲᠠᠢ ᠠᠭᠤᠯᠠᠨ ᠳ᠋ᠠᠬᠢ ᠰᠦᠮ᠎ᠡ ᠬᠡᠢᠳ ᠲᠦ᠍ ᠬᠦᠷᠴᠦ᠂ ᠯᠠᠮᠠ ᠶ᠋ᠢᠨ ᠶᠣᠰᠣ ᠪᠠᠷ ᠬᠠᠷ᠎ᠠ ᠶᠢᠷᠲᠢᠨᠴᠦ ᠳ᠋ᠦ᠍ ᠬᠢᠭᠰᠡᠨ ᠠᠯᠢᠪᠠ ᠶᠠᠯ᠎ᠠ ᠨᠢᠭᠦᠯ ᠢ᠋ᠶ᠋ᠡᠨ ᠠᠷᠢᠯᠭᠠᠵᠤ᠂ ᠬᠠᠮᠤᠭ ᠤ᠋ᠨ ᠰᠠᠢᠬᠠᠨ ᠪᠤᠷᠬᠠᠨ ᠤ᠋ ᠭᠠᠵᠠᠷ ᠪᠣᠯᠬᠤ ᠵᠢᠷᠭᠠᠯ ᠤ᠋ᠨ ᠣᠷᠣᠨ ᠳ᠋ᠤ᠌ ᠬᠦᠷᠬᠦ ᠪᠣᠯᠤᠨ᠎ᠠ ᠭᠡᠵᠦ ᠲᠥᠪ ᠶᠡᠬᠡᠮᠰᠦᠭ ᠢ᠋ᠶ᠋ᠡᠷ ᠥᠪᠡᠷ ᠦ᠋ᠨ ᠢ᠋ᠶ᠋ᠡᠨ ᠱᠠᠰᠢᠨ ᠤ᠋ ᠲᠠᠩᠭᠠᠷᠢᠭ ᠢ᠋ᠶ᠋ᠠᠨ ᠶᠠᠷᠢᠵᠤ ᠭᠠᠷᠪᠠ᠃ ᠡᠳᠡᠭᠡᠷ ᠴᠢᠩ ᠦᠨᠡᠨᠴᠢ ᠦᠭᠡᠰ ᠨᠢ ᠡᠨᠡ ᠬᠦ᠌ ᠪᠠᠭ᠎ᠠ ᠭᠡᠷ ᠪᠦᠯᠢ ᠳ᠋ᠦ᠍ ᠶᠣᠰᠣᠲᠠᠢ ᠯᠠ ᠬᠦᠨᠳᠦ ᠳᠠᠷᠤᠭᠠᠰᠤ ᠪᠣᠯᠤᠨ ᠪᠠᠭᠤᠵᠤ᠂ ᠬᠡᠨ ᠴᠦ᠍ ᠡᠨᠡ ᠬᠦ᠌ ᠨᠠᠮ ᠵᠢᠮ ᠪᠠᠢᠳᠠᠯ ᠢ᠋ ᠡᠪᠳᠡᠬᠦ ᠵᠣᠷᠢᠭ ᠦᠭᠡᠢ ᠪᠠᠢᠯ᠎ᠠ᠃ ᠵᠢᠭᠠᠯ ᠬᠣᠩᠭᠣᠷ ᠴᠤ᠌ ᠭᠡᠳ ᠥᠪᠡᠷ ᠦ᠋ᠨ ᠭᠠᠷ ᠳᠠᠬᠢ ᠠᠵᠢᠯ ᠢ᠋ᠶ᠋ᠠᠨ ᠵᠣᠭᠰᠣᠭᠠᠭᠠᠳ᠂ ᠰᠣᠴᠢᠭᠰᠠᠨ ᠨᠢᠳᠦ ᠪᠡᠷ ᠠᠪᠤ ᠪᠠᠨ ᠪᠦᠯᠲᠡᠢᠨ ᠬᠠᠷᠠᠵᠤ ᠪᠠᠢᠪᠠ᠃
ᠡᠨᠡ ᠬᠦ᠌ ᠤᠳᠠᠯ ᠦᠭᠡᠢ ᠪᠣᠯᠬᠤ ᠭᠡᠵᠦ ᠪᠠᠢᠭ᠎ᠠ ᠰᠠᠯᠤᠯᠲᠠ ᠶ᠋ᠢ ᠡᠰᠡᠷᠭᠦᠴᠡᠯ ᠦᠭᠡᠢ ᠬᠦᠯᠢᠴᠡᠨ ᠪᠠᠢᠭ᠎ᠠ ᠨᠢ ᠨᠠᠮᠠᠶ᠋ᠢ ᠶᠡᠬᠡ ᠰᠣᠴᠢᠭᠠᠪᠠ᠃ ᠷᠠᠰᠢ ᠶ᠋ᠢᠨ ᠡᠨᠡ ᠬᠦ᠌ ᠰᠢᠢᠳᠪᠦᠷᠢ ᠨᠢ ᠥᠪᠡᠷ ᠲᠤᠨᠢ ᠬᠢᠷᠢ ᠵᠡᠷᠭᠡ ᠶ᠋ᠢᠨ ᠴᠢᠬᠤᠯᠠ ᠦᠷ᠎ᠡ ᠳ᠋ᠦᠩ ᠠᠪᠴᠤ ᠢᠷᠡᠬᠦ ᠶ᠋ᠢ ᠰᠠᠷᠵᠢ ᠣᠢᠯᠠᠭᠠᠵᠤ ᠪᠠᠢᠭ᠎ᠠ ᠶᠤᠮ᠃ ᠬᠣᠭᠣᠯᠠᠨ ᠤ᠋ ᠴᠠᠭ ᠲᠤ᠌ ᠴᠤ᠌ ᠭᠡᠳ ᠬᠦᠨᠳᠦ ᠴᠢᠬᠢᠮᠠᠢ ᠪᠠᠢᠳᠠᠯ ᠪᠦᠷᠬᠦᠭᠰᠡᠭᠡᠷ ᠪᠠᠢᠯ᠎ᠠ᠃ ᠰᠠᠷᠵᠢ ᠪᠣᠯᠤᠨ ᠬᠣᠩᠭᠣᠷ ᠤᠯᠠᠮᠵᠢᠯᠠᠯᠲᠤ ᠶᠣᠰᠣ ᠵᠠᠩᠰᠢᠯ ᠢ᠋ᠶ᠋ᠠᠨ ᠪᠠᠷᠢᠮᠲᠠᠯᠠᠨ ᠪᠢᠳᠡᠨ ᠢ᠋ ᠴᠠᠳᠤᠭᠰᠠᠨ ᠤ᠋ ᠳᠠᠷᠠᠭ᠎ᠠ ᠦᠯᠡᠳᠡᠭᠰᠡᠨ ᠢ᠋ ᠢᠳᠡᠬᠦ ᠪᠡᠷ ᠬᠦᠯᠢᠶᠡᠭᠰᠡᠭᠡᠷ ᠪᠠᠢᠪᠠ᠃ ᠪᠢ ᠬᠠᠶᠠ ᠬᠠᠶᠠ ᠬᠠᠪᠢᠰᠤᠨ ᠤ᠋ ᠵᠥᠭᠡᠯᠡᠨ ᠮᠢᠬ᠎ᠠ ᠶ᠋ᠢ ᠬᠣᠩᠭᠣᠷ ᠲᠤ᠌ ᠣᠭᠲᠣᠯᠤᠨ ᠥᠭᠬᠦ ᠳ᠋ᠦ᠍ ᠲᠡᠷᠡ ᠪᠡᠷ ᠲᠡᠭᠦᠨ ᠢ᠋ ᠨᠢ ᠠᠮᠠᠨ ᠳ᠋ᠠᠭᠠᠨ ᠬᠦᠷᠭᠡᠯ ᠦᠭᠡᠢ ᠡᠵᠢ ᠳ᠋ᠡᠭᠡᠨ ᠳᠠᠮᠵᠢᠭᠤᠯᠤᠨ ᠥᠭᠴᠦ ᠯᠡ ᠪᠠᠢᠯ᠎ᠠ᠃ ᠷᠠᠰᠢ ᠶ᠋ᠢᠨ ᠱᠠᠯᠠᠯᠭ᠎ᠠ ᠳᠣᠣᠷ᠎ᠠ ᠰᠠᠶᠢ ᠲᠡᠳᠡ ᠪᠢᠳᠡᠨ ᠲᠡᠢ ᠴᠣᠭ ᠬᠣᠭᠣᠯᠠᠨ ᠳ᠋ᠤ᠌ ᠣᠷᠣᠪᠠ᠃
ᠦᠳᠡᠰᠢ ᠨᠡᠯᠢᠶᠡᠳ ᠡᠷᠲᠡ ᠪᠢᠳᠡ ᠤᠨᠲᠠᠬᠤ ᠪᠠᠷ ᠬᠡᠪᠲᠡᠵᠡᠭᠡᠪᠡ᠃ ᠬᠣᠩᠭᠣᠷ ᠬᠣᠨᠢᠨ ᠬᠥᠨᠵᠢᠯᠡ ᠳ᠋ᠡᠭᠡᠨ ᠣᠷᠣᠭᠠᠳ ᠷᠠᠰᠢ ᠪᠢᠳᠡ ᠬᠣᠶᠠᠷ ᠤ᠋ᠨ ᠬᠣᠭᠣᠷᠣᠨᠳᠣ ᠬᠡᠪᠲᠡᠵᠦ᠂ ᠰᠠᠷᠵᠢ ᠶᠡᠬᠡ ᠤᠳᠠᠭᠠᠨ ᠶᠠᠭᠤᠮ᠎ᠠ ᠪᠠᠨ ᠴᠡᠪᠡᠷᠯᠡᠵᠦ ᠠᠬᠤᠢᠯᠠᠪᠠ᠃ ᠰᠥᠨᠢ ᠶ᠋ᠢᠨ ᠭᠦᠨ ᠳ᠋ᠦ᠍ ᠨᠠᠮᠠᠶ᠋ᠢ ᠰᠡᠷᠡᠬᠦ ᠳ᠋ᠦ᠍ ᠲᠣᠭᠣᠨᠣ ᠪᠠᠷ ᠣᠳᠣᠳ ᠭᠢᠯᠠᠯᠵᠠᠵᠤ ᠪᠠᠢᠯ᠎ᠠ᠃ ᠲᠡᠳᠡ ᠲᠠᠭ ᠴᠢᠮᠡᠭᠡ ᠦᠭᠡᠢ ᠭᠠᠳᠠᠭᠰᠢ ᠭᠠᠷᠤᠭᠰᠠᠨ ᠪᠣᠯᠤᠯᠲᠠᠢ᠂ ᠪᠢ ᠬᠠᠷᠢᠨ ᠠᠳᠠ ᠭᠠᠭᠴᠠᠭᠠᠷ ᠢ᠋ᠶ᠋ᠠᠨ ᠤᠨᠲᠠᠵᠤ ᠪᠠᠢᠪᠠ᠃ ᠦᠦᠷ ᠦ᠋ᠨ ᠲᠤᠶᠠᠭ᠎ᠠ ᠲᠠᠲᠠᠬᠤ ᠶ᠋ᠢᠨ ᠦᠶᠡᠰ ᠢ᠋ᠶ᠋ᠡᠷ ᠲᠡᠳᠡ ᠭᠤᠷᠪᠠᠭᠤᠯᠠ ᠮᠣᠷᠢᠳ ᠢ᠋ᠶ᠋ᠠᠨ ᠤᠳᠠᠭᠠᠨ ᠠᠯᠬᠤᠭᠤᠯᠤᠭᠰᠠᠭᠠᠷ ᠬᠥᠳᠡᠭᠡ ᠡᠴᠡ ᠬᠠᠷᠢᠵᠤ ᠢᠷᠡᠪᠡ᠃ ᠰᠠᠷᠵᠢ ᠨᠢᠭᠡ ᠪᠦᠯᠦᠭ ᠬᠤᠪᠴᠠᠰᠤ ᠶ᠋ᠢ ᠡᠪᠬᠡᠨ ᠪᠠᠭᠯᠠᠵᠤ᠂ ᠡᠮᠡᠭᠡᠯ ᠳᠡᠭᠡᠷ᠎ᠡ ᠨᠢ ᠳᠠᠷᠤᠭᠤᠯᠪᠠ᠃ ᠡᠮᠦᠨ᠎ᠡ ᠦᠳᠡᠰᠢ ᠶ᠋ᠢᠨ ᠶᠠᠷᠢᠶᠠᠨ ᠤ᠋ ᠲᠤᠬᠠᠢ ᠥᠴᠦᠬᠡᠨ ᠴᠦ᠍ ᠪᠤᠯᠲᠠᠢᠯᠭᠠᠭᠰᠠᠨ ᠦᠭᠡᠢ᠃ ᠰᠡᠷᠵᠢ ᠭᠡᠷ ᠲᠦ᠍ ᠣᠷᠣᠵᠤ ᠷᠠᠰᠢ ᠶ᠋ᠢᠨ ᠨᠡᠬᠡᠢ ᠳᠡᠪᠡᠯ ᠢ᠋ ᠣᠶᠣᠬᠤ ᠳ᠋ᠤ᠌ ᠬᠠᠵᠠᠭᠤ ᠳ᠋ᠤᠨᠢ ᠬᠣᠩᠭᠣᠷ ᠰᠠᠭᠤᠭᠠᠳ ᠳᠣᠣᠷ᠎ᠠ ᠳᠠᠭᠤᠨ ᠢ᠋ᠶ᠋ᠠᠷ ᠱᠣᠭᠰᠢᠨ ᠤᠬᠢᠯᠠᠵᠤ ᠪᠠᠢᠪᠠ᠃ ᠷᠠᠰᠢ ᠭᠡᠷ ᠦ᠋ᠨ ᠡᠭᠦᠳᠡᠨ ᠳᠡᠭᠡᠷ᠎ᠡ ᠠᠯᠭᠤᠷᠬᠠᠨ ᠰᠠᠭᠤᠬᠤ ᠳ᠋ᠠᠭᠠᠨ ᠲᠡᠭᠦᠨ ᠦ᠌ ᠵᠠᠷᠤᠴᠠ ᠶ᠋ᠢᠨ ᠭᠠᠷ ᠳᠠᠬᠢ ᠠᠵᠢᠯ ᠢ᠋ ᠬᠠᠷᠠᠵᠤ ᠠᠪᠤᠭᠰᠠᠨ ᠢ᠋ᠶ᠋ᠠᠨ ᠬᠦᠰᠡᠯ ᠳᠦᠭᠦᠷᠦᠭᠰᠡᠨ ᠨᠢᠳᠦ ᠪᠡᠷ ᠰᠡᠷᠡᠵᠦ ᠪᠣᠢ ᠠᠯᠤᠰ ᠤ᠋ᠨ ᠬᠥᠳᠡᠭᠡ ᠲᠠᠯ᠎ᠠ ᠶ᠋ᠢ ᠰᠢᠷᠲᠡᠯ᠎ᠡ ᠃ ᠲᠥᠪ ᠰᠦᠷᠯᠢᠭ ᠪᠠᠢᠳᠠᠯ ᠲᠠᠯ᠎ᠠ ᠨᠤᠲᠤᠭ ᠵᠢᠴᠢ ᠲᠡᠨᠳᠡᠬᠢ ᠬᠥᠮᠦᠰ ᠢ᠋ ᠪᠦᠷᠬᠦᠭᠰᠡᠭᠡᠷ ᠪᠠᠢᠪᠠ ᠃ ᠬᠡᠨ ᠴᠦ᠍ ᠭᠡᠳ ᠡᠨᠡ ᠲᠠᠢᠪᠤᠩ ᠪᠠᠢᠳᠠᠯ ᠢ᠋ ᠡᠪᠳᠡᠬᠦ ᠵᠣᠷᠢᠭ ᠦᠭᠡᠢ ᠠᠵᠢ᠃ ᠰᠠᠷᠵᠢ ᠣᠶᠣᠵᠤ ᠪᠠᠷᠠᠭᠰᠠᠨ ᠨᠡᠬᠡᠢ ᠳᠡᠪᠡᠯ ᠢ᠋ᠶ᠋ᠡᠨ ᠠᠪᠴᠤ ᠭᠠᠷᠤᠭᠠᠳ ᠡᠷ᠎ᠡ ᠳ᠋ᠡᠭᠡᠨ ᠨᠥᠮᠥᠷᠭᠡᠬᠦ ᠳ᠋ᠦ᠍ ᠷᠠᠰᠢ ᠴᠤ᠌ ᠥᠨᠳᠡᠢᠪᠡ᠃
- ᠠᠮᠤᠷᠬᠠᠨ ᠰᠠᠢᠨ ᠶᠠᠪᠤᠭᠠᠷᠠᠢ ! ᠭᠡᠰᠡᠨ ᠦᠭᠡ ᠡᠴᠡ ᠣᠨᠳᠣᠣ ᠦᠭᠡ ᠠᠯᠠᠭ᠎ᠠ᠃ ᠰᠠᠯᠬᠤ ᠦᠶ᠎ᠡ ᠶ᠋ᠢᠨ ᠰᠡᠳᠬᠢᠯ ᠰᠢᠮᠰᠢᠷᠡᠭᠰᠡᠨ ᠪᠠᠢᠳᠠᠯ ᠭᠡᠵᠦ ᠴᠦ᠍ ᠠᠯᠠᠭ᠎ᠠ᠃ ᠪᠢᠳᠡ ᠬᠣᠶᠠᠭᠤᠯᠠ ᠠᠬᠢᠭᠠᠳ ᠯᠠ ᠬᠥᠳᠡᠭᠡ ᠲᠠᠯ᠎ᠠ ᠶ᠋ᠢ ᠵᠦᠰᠦᠨ ᠳᠠᠪᠬᠢᠵᠤ ᠠᠶᠠᠯᠠᠬᠤ ᠳ᠋ᠠᠭᠠᠨ ᠳᠠᠭᠤ ᠦᠭᠡᠢ ᠳᠦᠩᠰᠦᠭᠡᠷ ᠪᠠᠢᠳᠠᠯ ᠮᠥᠨ ᠯᠡ ᠦᠷᠭᠦᠯᠵᠢᠯᠡᠵᠦ᠂ ᠰᠠᠶᠢᠬᠠᠨ ᠠᠷᠤ ᠳ᠋ᠠᠭᠠᠨ ᠣᠷᠬᠢᠭᠰᠠᠨ ᠭᠡᠷ ᠲᠦ᠍ ᠪᠣᠯᠤᠭᠰᠠᠨ ᠵᠦᠢᠯᠡᠰ ᠢ᠋ ᠪᠣᠳᠣᠭᠰᠠᠭᠠᠷ ᠪᠠᠢᠪᠠ᠃ ᠨᠢᠭᠡ ᠴᠠᠭ ᠥᠩᠭᠡᠷᠡᠭᠰᠡᠨ ᠦ᠌ ᠰᠡᠭᠦᠯᠡᠷ ᠷᠠᠰᠢ ᠤᠨᠤᠵᠤ ᠪᠠᠢᠭ᠎ᠠ ᠬᠡᠭᠡᠷ ᠮᠣᠷᠢᠨ ᠤ᠋ ᠪᠠᠨ ᠵᠢᠯᠣᠭᠣ ᠶ᠋ᠢ ᠰᠤᠯᠠ ᠲᠠᠯᠪᠢᠵᠤ᠂ ᠤᠨᠤᠭᠠᠨ ᠤ᠋ ᠪᠠᠨ ᠳᠤᠷ᠎ᠠ ᠪᠠᠷ ᠳᠠᠪᠬᠢᠭᠤᠯᠪᠠ᠃ ᠬᠡᠭᠡᠷ ᠮᠣᠷᠢ ᠨᠢ ᠶᠠᠪᠤᠵᠤ ᠪᠠᠢᠭᠰᠠᠨ ᠴᠢᠭᠯᠡᠯ ᠡᠴᠡ ᠪᠡᠨ ᠰᠠᠯᠵᠤ᠂ ᠲᠡᠮᠡᠭᠡᠨ ᠵᠢᠩ ᠦ᠋ᠨ ᠵᠠᠮ ᠳ᠋ᠤ᠌ ᠬᠠᠲᠠᠷᠢᠭᠤᠯᠤᠭᠰᠠᠭᠠᠷ ᠬᠦᠷᠦᠯ᠎ᠡ᠃ ᠮᠥᠨ ᠲᠡᠨᠳᠡ ᠬᠠᠨᠢ ᠮᠢᠨᠢ ᠵᠢᠯᠣᠭᠣ ᠪᠠᠨ ᠲᠡᠳᠡᠨ ᠵᠣᠭᠰᠣᠭᠠᠳ ᠨᠠᠮᠠᠶ᠋ᠢ ᠬᠦᠯᠢᠶᠡᠵᠦ ᠪᠠᠢᠪᠠ᠃
- ᠴᠢᠨᠦ ᠶᠠᠷᠢᠬᠤ ᠴᠤ᠌ ᠦᠨᠡᠬᠡᠷ ᠵᠥᠪ ᠪᠠᠢᠵᠤ ᠮᠠᠭᠠᠳ ᠦᠭᠡᠢ᠃ ᠴᠢᠨᠦ ᠦᠵᠡᠭᠰᠡᠨ ᠶᠠᠭᠤᠮ᠎ᠠ ᠣᠯᠠᠨ᠂ ᠮᠡᠳᠡᠯᠭᠡ ᠶ᠋ᠢᠨ ᠲᠠᠯ᠎ᠠ ᠪᠠᠷ ᠮᠠᠨ ᠤ᠋ ᠮᠣᠩᠭᠣᠯ ᠠ᠋ᠴᠠ ᠢᠯᠡᠭᠦᠦ ᠪᠠᠢᠬ᠎ᠠ ᠳᠠ ᠭᠡᠵᠦ ᠲᠡᠷᠡ ᠨᠠᠳᠠ ᠳ᠋ᠤ᠌ ᠶᠠᠭᠤᠨ ᠤ᠋ ᠲᠤᠬᠠᠢ ᠶᠠᠷᠢᠨ᠎ᠠ ᠭᠡᠵᠦ ᠪᠠᠢᠭ᠎ᠠ ᠨᠢ ᠰᠠᠢᠨ ᠣᠢᠯᠠᠭᠠᠭᠳᠠᠬᠤ ᠦᠭᠡᠢ ᠶᠠᠭᠤᠮ᠎ᠠ ᠶᠠᠷᠢᠭᠰᠠᠨ ᠢ᠋ᠶ᠋ᠠᠨ᠄
- ᠪᠢ ᠮᠠᠯ ᠤ᠋ᠨ ᠬᠠᠯᠳᠠᠪᠤᠷᠢᠲᠤ ᠡᠪᠡᠳᠴᠢᠨ ᠢ᠋ ᠬᠡᠯᠡᠵᠦ ᠪᠠᠢᠨ᠎ᠠ᠃ ᠴᠢᠨᠦ ᠥᠴᠥᠭᠡᠳᠦᠷ ᠦ᠋ᠨ ᠶᠠᠷᠢᠭᠰᠠᠨ ᠨᠢ ᠶᠠᠭ ᠦᠨᠡᠨ ᠦᠭᠡ ᠭᠡᠵᠢ ᠤᠤ ? ᠭᠡᠵᠦ ᠨᠡᠮᠡᠨ ᠠᠰᠠᠭᠤᠯ᠎ᠠ᠃
- ᠮᠢᠨᠦ ᠰᠠᠢᠨ ᠨᠠᠢᠵᠠ ᠷᠠᠰᠢ ᠮᠢᠨᠢ ! ᠴᠢᠨᠦ ᠮᠠᠯ ᠳ᠋ᠤ᠌ ᠣᠷᠣᠵᠤ ᠪᠠᠢᠭ᠎ᠠ ᠬᠠᠯᠳᠠᠪᠤᠷᠢᠲᠤ ᠡᠪᠡᠳᠴᠢᠨ ᠪᠣᠯ ᠠᠳᠠ ᠴᠢᠳᠬᠥᠷ ᠲᠡᠢ ᠥᠴᠦᠬᠡᠨ ᠴᠦ᠍ ᠬᠣᠯᠪᠣᠭ᠎ᠠ ᠦᠭᠡᠢ ᠰᠢᠦ ᠃ ᠲᠡᠮᠡᠭᠡᠳ ᠢ᠋ᠶ᠋ᠡᠨ ᠰᠢᠨ᠎ᠡ ᠪᠡᠯᠴᠢᠭᠡᠷ ᠲᠦ᠍ ᠰᠣᠯᠢᠵᠤ ᠪᠡᠯᠴᠢᠭᠡᠷᠯᠡᠭᠦᠯᠬᠦ ᠪᠥᠭᠡᠳ ᠡᠪᠡᠳᠴᠢᠨ ᠦᠭᠡᠢ ᠮᠠᠯ ᠢ᠋ᠶ᠋ᠠᠨ ᠡᠪᠡᠳᠴᠢᠨ ᠲᠡᠢ ᠮᠠᠯ ᠠ᠋ᠴᠠ ᠰᠠᠯᠭᠠᠨ ᠲᠤᠰᠠᠭᠠᠷᠯᠠᠬᠤ ᠬᠡᠷᠡᠭᠲᠡᠢ !
- ᠪᠢ ᠪᠦᠲᠦᠨ ᠰᠥᠨᠢ ᠡᠨᠡ ᠲᠤᠬᠠᠢ ᠪᠣᠳᠣᠯᠬᠢᠯᠠᠪᠠ᠃ ᠣᠯᠠᠨ ᠵᠦᠢᠯ ᠢ᠋ ᠲᠥᠯᠭᠡᠳᠡᠵᠦ᠂ ᠳᠠᠯᠤ ᠰᠢᠲᠠᠭᠠᠵᠤ ᠴᠤ᠌ ᠰᠢᠨᠵᠢᠭᠰᠡᠨ ᠪᠢᠯᠡ᠃ ᠭᠡᠬᠦ ᠳ᠋ᠦ᠍ ᠰᠦᠮ᠎ᠡ ᠬᠡᠢᠳ ᠪᠣᠯᠤᠨ ᠨᠢᠭᠦᠯ ᠬᠢᠯᠢᠨᠴᠡ ᠶ᠋ᠢᠨ ᠲᠤᠬᠠᠢ ᠶᠠᠭᠤ ᠴᠤ᠌ ᠪᠠᠢᠬᠤ ᠦᠭᠡᠢ᠃ ᠴᠢ ᠰᠠᠷᠵᠢ ᠪᠣᠯᠤᠨ ᠤᠬᠢᠯᠠᠵᠤ ᠪᠠᠢᠭ᠎ᠠ ᠵᠢᠭᠠᠬᠠᠨ ᠬᠣᠩᠭᠣᠷ ᠢ᠋ ᠬᠠᠷᠠᠭᠰᠠᠨ ᠪᠢᠵᠡ? ᠰᠠᠷᠵᠢ ᠪᠣᠯ ᠮᠢᠨᠦ ᠦᠨᠡᠨᠴᠢ ᠵᠠᠷᠤᠴᠠ᠃ ᠲᠡᠷᠡ ᠥᠷᠯᠥᠭᠡ ᠨᠠᠳᠠ ᠳ᠋ᠤ᠌ ᠶᠠᠭᠤ ᠬᠡᠯᠡᠯ᠎ᠡ ᠭᠡᠵᠦ ᠰᠠᠨᠠᠨ᠎ᠠ ? ᠭᠡᠵᠦ ᠶᠡᠬᠡ ᠯᠡ ᠨᠢᠭᠤᠴᠠᠭᠠᠢ ᠪᠠᠷ ᠨᠠᠮᠠᠶ᠋ᠢ ᠬᠠᠷᠠᠭᠰᠠᠨ ᠢ᠋ᠶ᠋ᠠᠨ᠄
- ᠲᠡᠷᠡ ᠬᠡᠦᠬᠡᠳ ᠣᠯᠤᠭᠰᠠᠨ ᠭᠡᠨ᠎ᠡ ᠰᠢᠦ ! ᠭᠡᠳ ᠣᠮᠣᠭ ᠲᠠᠢ ᠪᠠᠷ ᠰᠠᠭᠤᠳᠠᠯ ᠢ᠋ᠶ᠋ᠠᠨ ᠵᠠᠰᠠᠨ ᠰᠠᠭᠤᠭᠠᠳ ᠤᠤᠯ ᠤ᠋ᠨ ᠢ᠋ᠶ᠋ᠠᠨ ᠠᠳᠠᠯᠢ ᠪᠠᠶᠠᠰᠤᠯ ᠲᠠᠢ ᠪᠠᠷ ᠬᠠᠳᠠᠭᠠᠨᠠᠲᠠᠯ᠎ᠠ ᠢᠨᠢᠶᠡᠪᠡ᠃
- ᠣᠳᠣ ᠪᠢ ᠲᠡᠳᠡᠨ ᠢ᠋ ᠣᠷᠬᠢᠵᠤ ᠴᠢᠳᠠᠬᠤ ᠦᠭᠡᠢ ᠪᠣᠯᠤᠭᠰᠠᠨ ᠠ᠋ ! ᠴᠢ ᠪᠣᠳᠣᠵᠤ ᠦᠵᠡᠭᠡᠴᠢ ᠳᠡ᠂ ᠬᠡᠷᠪᠡ ᠨᠢᠭᠡ ᠬᠦᠦ ᠵᠠᠶᠠᠭᠠᠬᠤ ᠳ᠋ᠤ᠌ ᠬᠦᠷᠪᠡᠯ ᠪᠢ ᠢᠩᠭᠢᠵᠦ ᠴᠢᠳᠠᠬᠤ ᠦᠭᠡᠢ ᠰᠢᠦ ᠳᠡ᠃ ᠴᠢ ᠣᠳᠣ ᠭᠠᠭᠴᠠᠭᠠᠷ ᠢ᠋ᠶ᠋ᠠᠨ ᠦᠷᠭᠦᠯᠵᠢᠯᠡᠨ ᠠᠶᠠᠯᠠᠭᠠᠷᠠᠢ ! ᠪᠢ ᠰᠠᠷᠵᠢ ᠪᠣᠯᠤᠨ ᠬᠣᠩᠭᠣᠷ ᠳᠡᠭᠡᠷ᠎ᠡ ᠪᠡᠨ ᠪᠤᠴᠠᠨ᠎ᠠ᠃ ᠬᠡᠷᠪᠡ ᠪᠤᠷᠬᠠᠨ ᠢᠪᠡᠭᠡᠵᠦ ᠨᠠᠳᠠ ᠳ᠋ᠤ᠌ ᠨᠢᠭᠡ ᠬᠦᠦ ᠵᠠᠶᠠᠭᠠᠬᠤ ᠳ᠋ᠤ᠌ ᠬᠦᠷᠪᠡᠯ ᠲᠡᠷᠡ ᠴᠢᠨᠢ ᠨᠠᠳᠠ ᠳ᠋ᠤ᠌ ᠭᠠᠢ ᠵᠣᠪᠠᠯᠠᠩ ᠤᠴᠠᠷᠠᠭᠤᠯᠤᠨ᠎ᠠ ᠭᠡᠳ ᠪᠠᠢᠳᠠᠭ ᠠᠳᠠ ᠴᠢᠳᠬᠥᠷ ᠡᠴᠡ ᠬᠣᠯᠠ ᠢᠳᠡ ᠬᠦᠴᠦᠲᠡᠢ ᠪᠣᠯᠬᠤ ᠪᠢᠰᠢ ᠤᠤ ?
- ᠲᠡᠷᠡ ᠴᠦ᠍ ᠯᠠᠪᠲᠠᠢ ᠰᠢᠦ ᠭᠡᠵᠦ ᠪᠢ ᠬᠠᠷᠢᠭᠤᠯᠪᠠ᠃
- ᠪᠢ ᠡᠴᠦᠰ ᠲᠡᠭᠡᠨ ᠡᠨᠡ ᠯᠠᠮᠠ ᠬᠤᠪᠴᠠᠰᠤ ᠠ᠋ᠴᠠ ᠰᠠᠯᠬᠤ ᠪᠣᠯᠤᠨ᠎ᠠ ᠳᠠ᠃ ᠴᠢ ᠠᠬᠢᠭᠠᠳ ᠠᠳᠠ ᠢᠷᠡᠬᠦ ᠶ᠋ᠢᠨ ᠦᠶ᠎ᠡ ᠳ᠋ᠦ᠍ ᠪᠢᠳᠡ ᠬᠠᠮᠲᠤ ᠳ᠋ᠠᠭᠠᠨ ᠲᠣᠭᠣᠷᠢᠬᠤ ᠳᠤᠷᠠᠲᠠᠢ ᠭᠠᠵᠠᠷ ᠢ᠋ᠶ᠋ᠠᠷ ᠴᠢᠨᠢ ᠳᠠᠪᠬᠢᠭᠤᠯᠵᠤ᠂ ᠠᠩ ᠬᠦᠷᠦᠭᠡ ᠬᠢᠶ᠎ᠡ! ᠵᠥᠪᠬᠡᠨ ᠥᠨᠥᠳᠥᠷ ᠭᠡᠬᠦ ᠳ᠋ᠦ᠍ ᠪᠢ ᠴᠢᠮ᠎ᠠ ᠲᠠᠢ ᠴᠣᠭ ᠦᠷᠭᠦᠯᠵᠢᠯᠡᠨ ᠠᠶᠠᠯᠠᠵᠤ ᠴᠢᠳᠠᠬᠤ ᠦᠭᠡᠢ ᠪᠣᠯᠵᠠᠢ᠃ ᠴᠢ ᠬᠠᠷᠠᠭᠠᠴᠢ ᠳᠠ ! ᠮᠢᠨᠦ ᠬᠡᠭᠡᠷ ᠮᠣᠷᠢ ᠴᠤ᠌ ᠪᠤᠴᠠᠨ᠎ᠠ ᠭᠡᠳ ᠪᠠᠢᠨ᠎ᠠ ᠰᠢᠦ ᠳᠡ ! ᠠᠶᠠᠨ ᠵᠠᠮ ᠳ᠋ᠠᠭᠠᠨ ᠰᠠᠢᠬᠠᠨ ᠶᠠᠪᠤᠭᠠᠷᠠᠢ ᠭᠡᠮᠡᠨ ᠨᠠᠮᠠᠶ᠋ᠢ ᠢᠷᠥᠭᠡᠯᠡ᠃
