ᠭᠠᠯᠳᠠᠨ ᠪᠣᠱᠣᠭᠲᠤ ᠬᠠᠭᠠᠨГалдан бошгот хаанᠮᠣᠩᠭᠣᠯ ᠤ᠋ᠨ ᠬᠠᠮᠤᠭ ᠤ᠋ᠨ ᠭᠤᠨᠢᠭᠲᠤ ᠲᠡᠦᠬᠡ-ᠵᠡᠭᠦᠨᠭᠠᠷ ᠬᠠᠭᠠᠨᠲᠤ ᠤᠯᠤᠰМонголын хамгийн гунигт түүх-зүүнгар хаант улс ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨГалдан бошгот хаанᠮᠣᠩᠭᠣᠯ ᠤ᠋ᠨ ᠬᠠᠮᠤᠭ ᠤ᠋ᠨ ᠭᠤᠨᠢᠭᠲᠤ ᠲᠡᠦᠬᠡ-ᠵᠡᠭᠦᠨᠭᠠᠷ ᠬᠠᠭᠠᠨᠲᠤ ᠤᠯᠤᠰМонголын хамгийн гунигт түүх-зүүнгар хаант улс

ᠭᠠᠯᠳᠠᠨ ᠪᠣᠱᠣᠭᠲᠤ ᠬᠠᠭᠠᠨГалдан бошгот хаанᠮᠣᠩᠭᠣᠯ ᠤ᠋ᠨ ᠬᠠᠮᠤᠭ ᠤ᠋ᠨ ᠭᠤᠨᠢᠭᠲᠤ ᠲᠡᠦᠬᠡ-ᠵᠡᠭᠦᠨᠭᠠᠷ ᠬᠠᠭᠠᠨᠲᠤ ᠤᠯᠤᠰМонголын хамгийн гунигт түүх-зүүнгар хаант улс

ᠠᠩᠭᠢᠯᠠᠯ:ᠲᠡᠦᠬᠡ ᠰᠣᠶᠣᠯ
2022-06-16

634

《ᠭᠠᠯᠳᠠᠨ ᠪᠣᠱᠣᠭᠲᠤ ᠬᠠᠭᠠᠨ》ᠨᠣᠮ ᠤ᠋ᠨ ᠲᠠᠨᠢᠯᠴᠠᠭᠤᠯᠭ᠎ᠠ-ᠦᠯᠡᠮᠵᠢ

ᠭᠠᠯᠳᠠᠨ ᠪᠣᠱᠣᠭᠲᠤ ᠬᠠᠭᠠᠨ ᠲᠣᠪᠴᠢ ᠨᠠᠮᠲᠠᠷ


ᠭᠠᠯᠳᠠᠨ ᠪᠣᠱᠣᠭᠲᠤ ᠬᠠᠭᠠᠨ (1644-1697) ᠨᠢ ᠵᠡᠭᠦᠨᠭᠠᠷ ᠤ᠋ᠨ ᠬᠠᠭᠠᠨᠲᠤ ᠤᠯᠤᠰ ᠤ᠋ᠨ ᠬᠣᠩ ᠲᠠᠢᠵᠢ (1671-1677) ᠪᠠᠢᠪᠠ᠃ 1677 ᠣᠨ ᠳ᠋ᠤ᠌ ᠵᠡᠭᠦᠨᠭᠠᠷ ᠤ᠋ᠨ ᠬᠠᠭᠠᠨ ᠪᠣᠯᠵᠤ᠂ 1679 ᠣᠨ ᠳ᠋ᠤ᠌ ᠳᠠᠯᠠᠢ ᠯᠠᠮ᠎ᠠ ᠲᠡᠭᠦᠨ ᠳ᠋ᠦ᠍ ᠪᠣᠱᠣᠭᠲᠤ ᠴᠣᠯᠠ ᠥᠭᠭᠦᠭᠰᠡᠨ ᠪᠠᠢᠨ᠎ᠠ᠃
  ᠭᠠᠯᠳᠠᠨ 1644 ᠣᠨ ᠳ᠋ᠤ᠌ ᠳᠥᠷᠪᠡᠨ ᠣᠢᠷᠠᠳ ᠤ᠋ᠨ ᠵᠣᠩᠬᠢᠯᠠᠬᠤ ᠠᠢᠮᠠᠭ ᠤ᠋ᠳ ᠤ᠋ᠨ ᠨᠢᠭᠡ᠂ ᠵᠡᠭᠦᠨ ᠵᠢᠭᠦᠷ ᠢ᠋ ᠥᠮᠥᠭᠡᠯᠡᠨ ᠶᠠᠪᠤᠭᠴᠢ ᠴᠣᠷᠣᠰ ᠠᠢᠮᠠᠭ ᠤ᠋ᠨ ᠲᠡᠷᠢᠭᠦᠨ ᠡᠷᠳᠡᠨᠢᠪᠠᠭᠠᠲᠤᠷ ᠬᠣᠲᠣᠭᠴᠢᠨ ᠬᠣᠩ ᠲᠠᠢᠵᠢ ᠶ᠋ᠢᠨ ᠵᠢᠷᠭᠤᠳᠤᠭᠠᠷ ᠬᠥᠪᠡᠭᠦᠨ ᠪᠣᠯᠤᠨ ᠲᠥᠷᠥᠵᠡᠢ᠃ ᠡᠷᠳᠡᠨᠢᠪᠠᠭᠠᠲᠤᠷ ᠬᠣᠩ ᠲᠠᠢᠵᠢ ᠶ᠋ᠢ 10᠂ 11᠂ 12 ᠬᠥᠪᠡᠭᠦᠨ ᠲᠡᠢ ᠪᠠᠢᠭᠰᠠᠨ ᠭᠡᠰᠡᠨ ᠮᠡᠳᠡᠭᠡ ᠨᠦ᠍ᠭᠦᠳ ᠰᠤᠷᠪᠤᠯᠵᠢ ᠪᠢᠴᠢᠭ ᠦ᠋ᠳ ᠲᠦ᠍ ᠪᠣᠢ᠃ ᠮᠥᠨ ᠬᠠᠲᠤᠳ ᠤ᠋ᠨ ᠲᠣᠭ᠎ᠠ ᠶ᠋ᠢ 5᠂ 9 ᠪᠠᠢᠭᠰᠠᠨ ᠭᠡᠰᠡᠨ ᠲᠣᠭ᠎ᠠ ᠴᠤ᠌ ᠪᠣᠢ᠃ ᠶᠡᠬᠡᠩᠬᠢ ᠡᠷᠳᠡᠮᠲᠡᠳ ᠦ᠋ᠨ ᠰᠠᠨᠠᠯ ᠨᠢᠭᠡᠲᠡᠢ ᠪᠠᠢᠳᠠᠭ ᠭᠠᠭᠴᠠᠬᠠᠨ ᠦᠨᠡᠨ ᠪᠣᠯ ᠭᠠᠯᠳᠠᠨ ᠪᠣᠱᠣᠭᠲᠤ ᠲᠡᠭᠦᠨ ᠦ᠌ ᠵᠢᠷᠭᠤᠳᠤᠭᠠᠷ ᠬᠦᠦ ᠶᠦᠮ ᠭᠡᠰᠡᠨ ᠮᠡᠳᠡᠭᠡ ᠪᠢᠯᠡ᠃

ᠪᠠᠭ᠎ᠠ ᠨᠠᠰᠤ
ᠭᠠᠯᠳᠠᠨ ᠢ᠋ ᠲᠥᠷᠥᠬᠦ ᠳ᠋ᠦ᠍ ᠣᠢᠷᠠᠳ ᠲᠤ᠌ ᠶᠡᠬᠡ ᠬᠥᠯ ᠦᠢᠮᠡᠭᠡᠨ ᠪᠣᠯᠵᠤ ᠲᠡᠭᠦᠨ ᠢ᠋ ᠵᠣᠩᠬᠣᠪ ᠤ᠋ᠨ ᠱᠠᠪᠢ ᠲᠥᠯᠵᠢᠨ ᠳ᠋ᠠᠭᠪᠠᠵᠠᠯᠼᠠᠨᠠᠭ ᠤ᠋ᠨ ᠬᠤᠪᠢᠯᠭᠠᠨ ᠢ᠋ᠶ᠋ᠠᠷ ᠡᠷᠭᠦᠮᠵᠢᠯᠡᠵᠡᠢ᠃ ᠴᠢᠩᠭᠢᠭᠡᠳ 7 ᠨᠠᠰᠤᠨ ᠡᠴᠡ ᠨᠢ ᡀᠠᠰᠠ ᠬᠣᠲᠣᠩ ᠢ᠋ᠶ᠋ᠠᠨ V ᠳᠠᠯᠠᠢ ᠯᠠᠮ᠎ᠠ᠂ ᠪᠠᠨᠴᠢᠨ ᠪᠣᠭᠳᠠ ᠨᠠᠷ ᠤ᠋ᠨ ᠳᠡᠷᠭᠡᠳᠡ ᠱᠠᠪᠢ ᠣᠷᠣᠭᠤᠯᠤᠭᠰᠠᠨ ᠪᠠᠢᠨ᠎ᠠ᠃ ᠲᠡᠷᠡ ᠲᠥᠪᠡᠳ ᠲᠦ᠍ 20 ᠵᠢᠯ ᠰᠠᠭᠤᠵᠤ ᠰᠢᠷ᠎ᠠ ᠶ᠋ᠢᠨ ᠱᠠᠰᠢᠨ ᠤ᠋ ᠡᠷᠳᠡᠮ ᠳ᠋ᠦ᠍ ᠭᠦᠨ ᠨᠡᠪᠲᠡᠷᠡᠭᠰᠡᠨ ᠶᠦᠮ᠃ ᠡᠨᠡ ᠦᠶ᠎ᠡ ᠳ᠋ᠦ᠍ ᠮᠣᠩᠭᠣᠯ ᠳ᠋ᠤ᠌ ᠪᠤᠷᠬᠠᠨ ᠤ᠋ ᠱᠠᠰᠢᠨ ᠢᠳᠡ ᠳᠡᠯᠭᠡᠷᠴᠦ ᠪᠠᠢᠭᠰᠠᠨ ᠪᠥᠭᠡᠳ ᠡᠭᠦᠨ ᠡᠴᠡ ᠡᠮᠦᠨᠡᠬᠢ ᠦᠶ᠎ᠡ ᠳ᠋ᠦ᠍ ᠮᠣᠩᠭᠣᠯᠴᠤᠳ ᠲᠡᠩᠭᠦᠷᠦᠭᠡ ᠰᠢᠲᠦᠵᠦ ᠠᠮᠢᠳᠤᠷᠠᠳᠠᠭ ᠪᠠᠢᠯ᠎ᠠ᠃ ᠲᠥᠪᠡᠳ ᠪᠣᠯᠪᠠᠰᠤᠷᠠᠯ ᠣᠯᠤᠭᠰᠠᠨ ᠭᠠᠯᠳᠠᠨ ᠳᠠᠯᠠᠢ ᠯᠠᠮ᠎ᠠ ᠶ᠋ᠢᠨ ᠪᠦᠬᠦᠨ ᠡᠴᠡ ᠦᠨᠡᠨᠴᠢ ᠱᠠᠪᠢ ᠨᠠᠷ ᠤ᠋ᠨ ᠨᠢᠭᠡ ᠪᠣᠯᠵᠠᠢ᠃ ᠬᠣᠵᠢᠮ ᠲᠡᠷᠡᠪᠡᠷ ᠳᠠᠯᠠᠢ ᠯᠠᠮ᠎ᠠ ᠶ᠋ᠢᠨ ᠲᠥᠯᠥᠭᠡ ᠪᠦᠬᠦ ᠠᠮᠢᠳᠤᠷᠠᠯ ᠢ᠋ᠶ᠋ᠠᠨ ᠵᠣᠷᠢᠭᠤᠯᠤᠭᠰᠠᠨ ᠪᠠᠢᠨ᠎ᠠ᠃

ᠬᠠᠭᠠᠨ ᠪᠣᠯᠤᠭᠰᠠᠨ ᠨᠢ
ᠡᠷᠳᠡᠨᠢᠪᠠᠭᠠᠲᠤᠷ ᠬᠣᠩ ᠲᠠᠢᠵᠢ ᠶ᠋ᠢᠨ ᠵᠢᠷᠭᠤᠳᠤᠭᠠᠷ ᠬᠥᠪᠡᠭᠦᠨ ᠰᠡᠩᠭᠡ ᠬᠣᠩ ᠲᠠᠢᠵᠢ ᠠᠪᠤ ᠶ᠋ᠢᠨ ᠢ᠋ᠶ᠋ᠡᠨ ᠬᠣᠩ ᠲᠠᠢᠵᠢ ᠶ᠋ᠢᠨ ᠣᠷᠣ ᠶ᠋ᠢ ᠵᠠᠯᠭᠠᠮᠵᠢᠯᠠᠭᠰᠠᠨ ᠪᠣᠯᠪᠠᠴᠤ ᠡᠴᠢᠭᠡ ᠨᠢᠭᠡ᠂ ᠡᠬᠡ ᠣᠨᠳᠣᠣ ᠠᠬ᠎ᠠ ᠨᠠᠷ ᠤ᠋ᠨ ᠢ᠋ᠶ᠋ᠠᠨ ᠭᠠᠷ ᠲᠤ᠌ ᠵᠡᠷᠯᠢᠭ ᠢ᠋ᠶ᠋ᠡᠷ ᠠᠯᠠᠭᠤᠯᠪᠠ᠃ ᠡᠨᠡ ᠰᠡᠩᠭᠡ ᠪᠣᠯ ᠭᠠᠯᠳᠠᠨ ᠪᠣᠱᠣᠭᠲᠤ ᠶ᠋ᠢᠨ ᠲᠥᠷᠥᠭᠰᠡᠨ ᠠᠬ᠎ᠠ ᠪᠥᠭᠡᠳ ᠲᠡᠳᠡᠨ ᠦ᠌ ᠡᠬᠡ ᠪᠣᠯ ᠬᠣᠲᠣᠭᠴᠢᠨ ᠬᠣᠩ ᠲᠠᠢᠵᠢ ᠶ᠋ᠢᠨ ᠭᠤᠷᠪᠠᠳᠤᠭᠠᠷ ᠬᠠᠲᠤᠨ ᠪᠠᠢᠭᠰᠠᠨ ᠪᠣᠯᠤᠯᠲᠠᠢ᠃ ᠰᠡᠩᠭᠡ ᠬᠠᠨ ᠢ᠋ ᠠᠯᠠᠭᠰᠠᠨ ᠴᠡᠴᠡᠨ ᠲᠠᠢᠵᠢ᠂ ᠵᠣᠳᠣᠪᠠ ᠪᠠᠭᠠᠲᠤᠷ ᠨᠠᠷ ᠬᠣᠩ ᠲᠠᠢᠵᠢ ᠶ᠋ᠢᠨ ᠶᠡᠬᠡ ᠬᠠᠲᠤᠨ ᠤ᠋ ᠬᠥᠪᠡᠭᠦᠳ ᠪᠠᠢᠭᠰᠠᠨ ᠶᠤᠮ᠃ ᠶᠠᠭᠠᠬᠢᠭᠠᠳ ᠴᠤ᠌ ᠶᠤᠮ ᠡᠷᠳᠡᠨᠢᠪᠠᠭᠠᠲᠤᠷ ᠬᠣᠩ ᠲᠠᠢᠵᠢ ᠬᠠᠲᠤᠳ ᠤ᠋ᠨ ᠢ᠋ᠶ᠋ᠠᠨ ᠬᠥᠪᠡᠭᠦᠳ ᠡᠴᠡ ᠲᠣᠷᠭᠤᠳ ᠤ᠋ᠨ ᠰᠢᠭᠦᠷ ᠳᠠᠢᠴᠢᠨ ᠤ᠋ ᠥᠬᠢᠨ ᠶᠣᠮᠠᠭ᠎ᠠ ᠶ᠋ᠢᠨ ᠬᠥᠪᠡᠭᠦᠳ ᠢ᠋ ᠶᠡᠬᠡᠳᠡ ᠲᠣᠭᠣᠨ ᠨᠢᠭᠡ ᠶ᠋ᠢ ᠨᠢ ᠬᠤᠪᠢᠯᠭᠠᠨ ᠢ᠋ᠶ᠋ᠠᠷ ᠲᠣᠳᠣᠷᠠᠭᠤᠯᠵᠤ ᠲᠥᠪᠡᠳ ᠲᠦ᠍ ᠰᠠᠭᠤᠯᠭᠠᠭᠠᠳ᠂ ᠨᠥᠭᠦᠭᠡ ᠳ᠋ᠦ᠍ ᠨᠢ ᠬᠣᠩ ᠲᠠᠢᠵᠢ ᠶ᠋ᠢᠨ ᠰᠠᠭᠤᠳᠠᠯ ᠢ᠋ᠶ᠋ᠠᠨ ᠵᠠᠯᠭᠠᠮᠵᠢᠯᠠᠭᠤᠯᠤᠭᠰᠠᠨ ᠨᠢ ᠴᠠᠭᠠᠨ᠎ᠠ ᠪᠠᠨ ᠤᠴᠢᠷᠲᠠᠢ ᠪᠠᠢᠭᠰᠠᠨ ᠪᠣᠯᠤᠯᠲᠠᠢ᠃ ᠰᠡᠩᠭᠡ ᠶ᠋ᠢ ᠠᠯᠠᠭᠳᠠᠬᠤ ᠳ᠋ᠤ᠌ ᠲᠡᠭᠦᠨ ᠦ᠌ ᠬᠥᠪᠡᠭᠦᠨ ᠰᠡᠸᠠᠩᠷᠠᠪᠳᠤᠩ ᠨᠠᠰᠤ ᠪᠠᠭ᠎ᠠ ᠪᠠᠢᠭᠰᠠᠨ ᠲᠤᠯᠠ ᠭᠠᠯᠳᠠᠨ ᠢ᠋ ᠲᠥᠪᠡᠳ ᠡᠴᠡ ᠳᠠᠭᠤᠳᠠᠵᠤ ᠬᠣᠩ ᠲᠠᠢᠵᠢ ᠶ᠋ᠢᠨ ᠣᠷᠣ ᠰᠠᠭᠤᠯᠭᠠᠭᠰᠠᠨ ᠨᠢ ᠡᠷᠲᠡᠨ ᠦ᠌ ᠶᠣᠰᠣ ᠶ᠋ᠢ ᠳᠠᠭᠠᠭᠰᠠᠨ ᠬᠡᠷᠡᠭ ᠠᠵᠢ᠃

ᠬᠦᠴᠦᠷᠬᠡᠭᠵᠢᠯ
ᠭᠠᠯᠳᠠᠨ ᠪᠣᠱᠣᠭᠲᠤ ᠣᠢᠷᠠᠳ ᠲᠤ᠌ ᠢᠷᠡᠭᠡᠳ ᠴᠣᠷᠣᠰ ᠠᠢᠮᠠᠭ ᠤ᠋ᠨ ᠬᠣᠩ ᠲᠠᠢᠵᠢ ᠶ᠋ᠢᠨ ᠰᠢᠷᠡᠭᠡᠨ ᠳ᠋ᠦ᠍ ᠰᠠᠭᠤᠵᠤ᠂ ᠲᠤᠬᠠᠢ ᠶ᠋ᠢᠨ ᠦᠶ᠎ᠡ ᠳ᠋ᠦ᠍ ᠣᠢᠷᠠᠳ ᠤ᠋ᠨ ᠳᠥᠷᠪᠡᠨ ᠲᠦᠮᠡᠨ ᠢ᠋ ᠵᠣᠩᠬᠢᠯᠠᠵᠤ ᠠᠰᠠᠨ ᠬᠣᠱᠤᠳ ᠠᠢᠮᠠᠭ ᠤ᠋ᠨ ᠲᠡᠷᠢᠭᠦᠨ ᠤᠴᠢᠷ ᠲᠤ᠌ ᠰᠡᠴᠡᠨ ᠬᠠᠨ ᠤ᠋ ᠥᠬᠢᠨ ᠠᠨᠤ ᠶ᠋ᠢ ᠥᠪᠡᠷ ᠦ᠋ᠨ ᠶᠡᠬᠡ ᠬᠠᠲᠤᠨ ᠪᠣᠯᠭᠠᠵᠤ᠂ᠲᠠᠷᠬᠠᠢ ᠪᠤᠲᠠᠷᠬᠠᠢ ᠪᠠᠷᠠᠭᠤᠨ ᠮᠣᠩᠭᠣᠯᠴᠤᠳ ᠢ᠋ ᠬᠦᠴᠦ ᠪᠡᠷ ᠨᠢᠭᠡᠳᠬᠡᠨ ᠵᠡᠭᠦᠨᠭᠠᠷ ᠤ᠋ᠨ ᠬᠠᠭᠠᠨᠲᠤ ᠤᠯᠤᠰ ᠢ᠋ ᠪᠠᠢᠭᠤᠯᠤᠭᠠᠳ᠂ ᠡᠨᠡ ᠤᠯᠤᠰ ᠤ᠋ᠨ ᠢ᠋ᠶ᠋ᠠᠨ ᠬᠠᠭᠠᠨ ᠨᠢ ᠪᠣᠯᠤᠭᠰᠠᠨ ᠶᠤᠮ᠃ ᠬᠠᠭᠠᠨ ᠴᠣᠯᠠ ᠶ᠋ᠢ ᠲᠥᠪᠡᠳ ᠦ᠋ᠨ ᠳᠠᠯᠠᠢ ᠯᠠᠮ᠎ᠠ ᠡᠴᠡ ᠠᠪᠤᠪᠠ᠃ ᠲᠡᠭᠦᠨ ᠢ᠋ ᠵᠥᠪᠬᠡᠨ ᠪᠠᠷᠠᠭᠤᠨ ᠮᠣᠩᠭᠣᠯ ᠢ᠋ ᠲᠡᠳᠦᠢ ᠦᠭᠡᠢ ᠪᠦᠬᠦ ᠮᠣᠩᠭᠣᠯ ᠦᠨᠳᠦᠰᠦᠲᠡᠨ ᠢ᠋ ᠨᠢᠭᠡᠳᠬᠡᠨ ᠬᠦᠴᠦᠷᠬᠡᠭ᠂ ᠨᠢᠭᠡᠳᠦᠭᠰᠡᠨ ᠤᠯᠤᠰ ᠢ᠋ ᠪᠠᠢᠭᠤᠯᠬᠤ ᠶ᠋ᠢᠨ ᠵᠣᠷᠢᠯᠭ᠎ᠠ ᠲᠠᠢ ᠪᠠᠢᠭᠰᠠᠨ ᠭᠡᠵᠦ ᠰᠣᠴᠢᠶᠠᠯᠢᠮ ᠤ᠋ᠨ ᠦᠶ᠎ᠡ ᠶ᠋ᠢᠨ ᠲᠡᠦᠬᠡᠴᠢᠳ ᠳ᠋ᠦᠩᠨᠡᠭᠰᠡᠨ ᠪᠠᠢᠳᠠᠭ᠃ ᠲᠡᠷᠡ ᠪᠡᠷ ᠭᠠᠵᠠᠷ ᠨᠤᠲᠤᠭ ᠢ᠋ᠶ᠋ᠠᠨ ᠲᠡᠯᠡᠵᠦ᠂ ᠴᠡᠷᠢᠭ ᠠᠷᠮᠢ ᠪᠠᠨ ᠵᠤᠵᠠᠭᠠᠳᠬᠠᠭᠰᠠᠭᠠᠷ ᠪᠠᠢᠪᠠ᠃ 1686 ᠣᠨ ᠳ᠋ᠤ᠌ ᠵᠡᠭᠦᠨᠭᠠᠷ ᠤ᠋ᠨ ᠬᠠᠭᠠᠨᠲᠤ ᠤᠯᠤᠰ ᠤ᠋ᠨ ᠬᠦᠴᠦᠷᠬᠡᠭ ᠲᠦ᠍ ᠬᠠᠮᠢ᠂ ᠲᠦᠷᠹᠠᠨ᠂ ᠺᠠᠰᠭᠢᠷ᠂ ᠰᠠᠢᠷᠠᠮ᠂ ᠪᠤᠬᠤᠷ᠂ ᠰᠠᠮᠠᠷᠺᠠᠨᠳ ᠵᠡᠷᠭᠡ ᠲᠥᠪ ᠪᠣᠯᠤᠨ ᠳᠤᠮᠳᠠᠳᠤ ᠠᠽᠢᠶ᠎ᠠ ᠶ᠋ᠢᠨ 1000 ᠭᠠᠷᠤᠢ ᠲᠣᠮᠣ ᠵᠢᠵᠢᠭ ᠬᠣᠲᠠ ᠠᠳᠬᠤᠭᠳᠠᠭᠰᠠᠨ ᠪᠠᠢᠯ᠎ᠠ᠃ ᠡᠨᠡ ᠦᠶ᠎ᠡ ᠳ᠋ᠦ᠍ ᠲᠥᠪ ᠠᠽᠢᠶ᠎ᠠ ᠶ᠋ᠢᠨ ᠬᠠᠮᠤᠭ ᠤ᠋ᠨ ᠬᠦᠴᠦᠷᠬᠡᠭ ᠬᠥᠮᠦᠨ ᠨᠢ ᠭᠠᠯᠳᠠᠨ ᠪᠣᠱᠣᠭᠲᠤ ᠪᠠᠢᠪᠠ᠃
ᠲᠡᠷᠡ ᠪᠡᠷ ᠣᠷᠣᠰ ᠲᠠᠢ ᠳ᠋ᠢᠫᠯᠣᠮᠠᠲ ᠪᠣᠳᠣᠯᠭ᠎ᠠ ᠶᠠᠪᠤᠭᠤᠯᠵᠤ᠂ ᠬᠤᠳᠠᠯᠳᠤᠭ᠎ᠠ ᠬᠢᠵᠦ᠂ ᠡᠯᠴᠢᠨ ᠲᠥᠯᠥᠭᠡᠯᠡᠭᠴᠢ ᠰᠣᠯᠢᠯᠴᠠᠬᠤ ᠪᠣᠳᠣᠯᠭ᠎ᠠ ᠪᠠᠷᠢᠭᠰᠠᠨ ᠶᠤᠮ᠃ ᠡᠨᠡ ᠪᠣᠯ ᠪᠦᠷ ᠠᠪᠤ ᠡᠴᠡ ᠨᠢ ᠤᠯᠠᠮᠵᠢᠯᠠᠭᠰᠠᠨ ᠨᠠᠢᠷᠰᠠᠭ ᠬᠠᠷᠢᠯᠴᠠᠭ᠎ᠠ ᠪᠠᠢᠭᠰᠠᠨ ᠶᠤᠮ᠃ ᠣᠷᠣᠰ᠂ ᠬᠢᠲᠠᠳ ᠢ᠋ ᠬᠣᠯᠪᠣᠭᠰᠠᠨ ᠲᠣᠷᠭᠠᠨ ᠤ᠋ ᠵᠠᠮ ᠢ᠋ ᠬᠢᠨᠠᠯᠲᠠ ᠳ᠋ᠤ᠌ ᠪᠠᠨ ᠪᠠᠢᠯᠭᠠᠵᠤ ᠪᠠᠢᠭᠰᠠᠨ ᠪᠣᠯᠬᠣᠷ ᠲᠡᠭᠦᠨ ᠦ᠌ ᠬᠤᠪᠢ ᠳ᠋ᠤ᠌ ᠲᠠᠭᠠᠲᠠᠢ ᠨᠥᠬᠥᠴᠡᠯ ᠪᠦᠷᠢᠳᠦᠭᠰᠡᠨ ᠪᠠᠢᠪᠠ᠃

ᠬᠠᠯᠬ᠎ᠠ-ᠵᠡᠭᠦᠨᠭᠠᠷ ᠤ᠋ᠨ ᠲᠡᠢᠨ
ᠬᠠᠯᠬ᠎ᠠ ᠶ᠋ᠢᠨ ᠳᠣᠲᠣᠭᠠᠳᠤ ᠡᠭᠦᠰᠦᠭᠰᠡᠨ ᠲᠦᠰᠢᠶᠡᠲᠦ ᠬᠠᠨ-ᠵᠠᠰᠠᠭᠲᠤ ᠬᠠᠨ ᠨᠠᠷ ᠤ᠋ᠨ ᠮᠠᠷᠭᠤᠭᠠᠨ ᠲᠡᠮᠡᠴᠡᠯ ᠳ᠋ᠦ᠍ ᠣᠢᠷᠠᠳ ᠤ᠋ᠳ ᠬᠥᠨᠳᠡᠯᠡᠨ ᠡᠴᠡ ᠣᠷᠣᠯᠴᠠᠬᠤ ᠪᠣᠯᠤᠭᠰᠠᠨ ᠨᠢ ᠡᠴᠦᠰ ᠲᠡᠭᠡᠨ ᠡᠨᠡ ᠨᠤᠲᠤᠭ ᠲᠤ᠌ ᠲᠡᠢᠨ ᠦ᠌ ᠭᠠᠯ ᠢ᠋ ᠥᠷᠳᠡᠵᠡᠢ᠃ ᠦᠨᠡᠨ ᠳ᠋ᠦ᠍ ᠪᠡᠨ ᠲᠡᠳᠡ ᠪᠡᠶ᠎ᠡ ᠪᠡᠶ᠎ᠡ ᠶ᠋ᠢᠨ ᠢ᠋ᠶ᠋ᠡᠨ ᠡᠰᠡᠷᠡᠭ ᠭᠡᠬᠦ ᠡᠴᠡ ᠪᠡᠨ ᠢᠯᠡᠭᠦᠦ ᠬᠦᠴᠦᠷᠬᠡᠭ ᠬᠣᠶᠠᠷ ᠬᠥᠷᠰᠢ ᠶ᠋ᠢᠨ ᠢ᠋ᠶ᠋ᠡᠨ ᠡᠷᠬᠡ ᠠᠰᠢᠭ ᠢ᠋ ᠲᠥᠯᠥᠭᠡᠯᠡᠭᠰᠡᠨ ᠭᠡᠪᠡᠯ ᠦᠨᠡᠨ ᠳ᠋ᠦ᠍ ᠢᠯᠡᠭᠦᠦ ᠳᠥᠭᠥᠬᠦ ᠪᠣᠯᠪᠠ ᠤᠤ᠃ ᠣᠢᠷᠠᠳ ᠲᠤ᠌ ᠬᠠᠯᠬ᠎ᠠ ᠶ᠋ᠢᠨ ᠵᠠᠰᠠᠭᠲᠤ ᠬᠠᠨ ᠤᠷᠪᠠᠵᠤ᠂ ᠲᠡᠳᠡᠨ ᠢ᠋ ᠵᠡᠭᠦᠨᠭᠠᠷ ᠤ᠋ᠨ ᠬᠠᠭᠠᠨᠲᠤ ᠤᠯᠤᠰ ᠥᠮᠥᠭᠡᠯᠡᠵᠡᠢ᠃ ᠵᠡᠭᠦᠨᠭᠠᠷ ᠬᠠᠭᠠᠨᠲᠤ ᠤᠯᠤᠰ ᠣᠷᠣᠰ ᠤ᠋ᠨ ᠳᠡᠮᠵᠢᠯᠭᠡ᠂ ᠲᠥᠪᠡᠳ ᠦ᠋ᠨ ᠲᠤᠷᠬᠢᠷᠠᠯᠲᠠ ᠪᠠᠷ ᠬᠠᠯᠬ᠎ᠠ ᠶ᠋ᠢᠨ ᠲᠦᠰᠢᠶᠡᠲᠦ ᠬᠠᠨ ᠢ᠋ ᠳᠣᠪᠲᠣᠯᠪᠠ᠃ ᠢᠯᠠᠭᠳᠠᠭᠰᠠᠨ ᠲᠦᠰᠢᠶᠡᠲᠦ ᠬᠠᠨ ᠪᠣᠯᠤᠨ ᠬᠠᠯᠬ᠎ᠠ ᠨᠤᠭᠤᠳ ᠮᠠᠨᠵᠤ ᠴᠢᠩ ᠭᠦᠷᠦᠨ ᠡᠴᠡ ᠲᠤᠰᠠᠯᠠᠮᠵᠢ ᠭᠤᠶᠤᠭᠰᠠᠨ ᠴᠤ᠌ ᠮᠠᠨᠵᠤ ᠡᠴᠡ ᠥᠪᠡᠷᠲᠡᠭᠡᠨ ᠣᠷᠣᠭᠰᠠᠨ ᠲᠣᠬᠢᠶᠠᠯᠳᠤᠯ ᠳ᠋ᠤ᠌ ᠲᠤᠰᠠᠯᠠᠬᠤ ᠪᠣᠯᠵᠣᠭ᠎ᠠ ᠲᠤᠯᠭᠠᠪᠠ᠃ ᠡᠬᠡ ᠨᠤᠲᠤᠭ ᠢ᠋ᠶ᠋ᠠᠨ ᠪᠤᠯᠢᠶᠠᠨ ᠡᠵᠡᠯᠡᠭᠴᠢᠳ ᠡᠴᠡ ᠴᠢᠯᠥᠭᠡᠯᠡᠬᠦ ᠶ᠋ᠢᠨ ᠲᠤᠯᠠᠳᠠ ᠮᠠᠨᠵᠤ ᠲᠠᠢ ᠬᠠᠮᠲᠤᠷᠠᠭᠰᠠᠨ ᠴᠡᠷᠢᠭ ᠪᠠᠢᠭᠤᠯᠤᠭᠰᠠᠨ ᠢ᠋ᠶ᠋ᠠᠷ ᠭᠠᠯᠳᠠᠨ ᠪᠣᠱᠣᠭᠲᠤ ᠡᠴᠡ ᠬᠠᠯᠬ᠎ᠠ ᠨᠤᠭᠤᠳ ᠬᠠᠷᠢᠭᠤ ᠶ᠋ᠢ ᠪᠡᠨ ᠠᠪᠤᠭᠰᠠᠨ ᠴᠤ᠌ ᠡᠴᠦᠰ ᠲᠡᠭᠡᠨ ᠮᠠᠨᠵᠤ ᠶ᠋ᠢᠨ ᠬᠠᠷᠢᠶᠠᠲᠤ ᠪᠣᠯᠵᠤ ᠦᠯᠡᠳᠡᠵᠡᠢ᠃ ᠢᠩᠭᠢᠭᠰᠡᠨ ᠢ᠋ᠶ᠋ᠡᠷ ᠮᠣᠩᠭᠣᠯ ᠤ᠋ᠨ ᠬᠠᠤᠯᠢ ᠶᠣᠰᠣᠨ ᠤ᠋ ᠲᠥᠷᠥ ᠡᠴᠦᠰᠯᠡᠵᠦ᠂ ᠮᠣᠩᠭᠣᠯ ᠲᠥᠷᠥ ᠡᠴᠡ ᠰᠠᠯᠤᠨ ᠲᠤᠰᠠᠭᠠᠷᠯᠠᠵᠤ ᠵᠡᠭᠦᠨᠭᠠᠷ ᠤ᠋ᠨ ᠬᠠᠭᠠᠨᠲᠤ ᠤᠯᠤᠰ ᠪᠠᠢᠭᠤᠯᠤᠭᠠᠳ ᠪᠠᠢᠭᠰᠠᠨ ᠣᠢᠷᠠᠳ ᠤ᠋ᠳ ᠲᠥᠷᠥ ᠲᠤᠰᠠᠭᠠᠷ ᠦᠯᠡᠳᠡᠪᠡ᠃ ᠭᠡᠪᠡᠴᠦ᠂ ᠵᠡᠭᠦᠨᠭᠠᠷ ᠤ᠋ᠨ ᠬᠠᠭᠠᠳ ᠤ᠋ᠨ ᠴᠡᠷᠢᠭᠯᠡᠭᠰᠡᠨ ᠲᠣᠬᠢᠶᠠᠯᠳᠤᠯ ᠪᠦᠷᠢ ᠨᠢ ᠡᠬᠢᠯᠡᠭᠡᠳ ᠬᠠᠯᠬ᠎ᠠ ᠶ᠋ᠢ᠂ ᠳᠠᠷᠠᠭ᠎ᠠ ᠨᠢ ᠲᠥᠪᠡᠳ᠂ ᠺᠠᠰᠢᠭᠠᠷ ᠢ᠋᠂ ᠡᠴᠦᠰ ᠲᠡᠭᠡᠨ ᠥᠪᠡᠷᠰᠡᠳ ᠢ᠋ ᠪᠡᠨ ᠮᠠᠨᠵᠤ ᠳ᠋ᠤ᠌ ᠣᠷᠣᠭᠤᠯᠬᠤ ᠳᠠᠷᠠᠭᠠᠯᠠᠭᠰᠠᠨ ᠡᠮᠭᠡᠨᠢᠯᠲᠦ ᠰᠢᠯᠲᠠᠭᠠᠨ ᠢ᠋ᠶ᠋ᠠᠷ ᠳᠠᠭᠤᠰᠴᠠᠢ᠃
ᠮᠣᠩᠭᠣᠯ ᠳᠣᠷᠣᠢᠲᠠᠬᠤ ᠳ᠋ᠤ᠌ ᠮᠢᠩ ᠤᠯᠤᠰ ᠲᠠᠢ ᠬᠠᠮᠰᠠᠵᠤ ᠲᠥᠷᠥ ᠶ᠋ᠢ ᠤᠨᠠᠭᠠᠭᠰᠠᠨ ᠣᠢᠷᠠᠳ ᠤ᠋ᠨ ᠡᠰᠡᠨ ᠲᠡᠢᠰᠢ ᠶ᠋ᠢᠨ ᠲᠡᠦᠬᠡ ᠡᠨᠡ ᠤᠳᠠᠭ᠎ᠠ ᠮᠠᠨᠵᠤ ᠲᠠᠢ ᠬᠠᠮᠰᠠᠵᠤ ᠭᠠᠯᠳᠠᠨ ᠪᠣᠱᠣᠭᠲᠤ ᠮᠣᠩᠭᠣᠯ ᠡᠴᠡ ᠦᠰ ᠠᠪᠤᠭᠰᠠᠨ ᠶᠠᠪᠤᠳᠠᠯ ᠢ᠋ᠶ᠋ᠠᠷ ᠳᠠᠪᠲᠠᠭᠳᠠᠵᠠᠢ᠃ ᠬᠠᠷᠢ ᠳ᠋ᠤ᠌ ᠰᠢᠬᠠᠭᠳᠠᠵᠤ ᠮᠣᠩᠭᠣᠯ ᠲᠥᠷᠥ ᠳᠣᠷᠣᠢᠲᠠᠬᠤ ᠶ᠋ᠢ ᠠᠨᠠᠵᠤ ᠡᠢᠨᠬᠦ ᠳᠣᠪᠲᠣᠯᠳᠠᠭ ᠪᠠᠢᠪᠠ᠃ ᠬᠣᠵᠢᠮ ᠬᠠᠯᠬ᠎ᠠ ᠮᠣᠩᠭᠣᠯᠴᠤᠳ ᠪᠤᠯᠢᠶᠠᠭᠳᠠᠭᠰᠠᠨ ᠨᠤᠲᠤᠭ ᠢ᠋ᠶ᠋ᠠᠨ ᠴᠢᠯᠥᠭᠡᠯᠡᠵᠦ ᠠᠪᠤᠭᠠᠳ ᠮᠠᠨᠵᠤ ᠶ᠋ᠢᠨ ᠳᠣᠣᠷ᠎ᠠ ᠠᠮᠢᠳᠤᠷᠠᠯ ᠢ᠋ᠶ᠋ᠠᠨ ᠰᠡᠷᠭᠦᠭᠡᠵᠦ ᠪᠠᠢᠲᠠᠯ᠎ᠠ ᠣᠢᠷᠠᠳ ᠤ᠋ᠳ ᠳᠠᠬᠢᠨ ᠳᠣᠪᠲᠣᠯᠪᠠ᠃ ᠬᠠᠷᠢᠨ ᠡᠨᠡ ᠤᠳᠠᠭ᠎ᠠ ᠮᠠᠨᠵᠤ-ᠬᠠᠯᠬ᠎ᠠ ᠶ᠋ᠢᠨ ᠴᠡᠷᠢᠭ ᠦ᠋ᠳ ᠥᠷᠥᠰᠢᠶᠡᠯ ᠦᠭᠡᠢ ᠡᠰᠡᠷᠭᠦ ᠳᠣᠪᠲᠣᠯᠭ᠎ᠠ ᠬᠢᠵᠦ᠂ ᠣᠢᠷᠠᠳ ᠢ᠋ ᠪᠦᠷᠢᠮᠦᠰᠦᠨ ᠴᠣᠬᠢᠵᠠᠢ᠃ ᠣᠢᠷᠠᠳ ᠤ᠋ᠨ ᠨᠤᠲᠤᠭ ᠲᠤ᠌ ᠮᠠᠨᠵᠤ ᠨᠠᠷ ᠥᠷᠭᠡᠨ ᠬᠡᠮᠵᠢᠶᠡᠨ ᠦ᠌ ᠬᠢᠳᠤᠯᠭ᠎ᠠ ᠶᠠᠪᠤᠭᠤᠯᠤᠭᠰᠠᠨ ᠭᠡᠳᠡᠭ ᠶᠠᠷᠢᠶ᠎ᠠ ᠪᠣᠢ᠃ ᠣᠢᠷᠠᠳ ᠲᠦᠮᠡᠨ ᠢ᠋ ᠬᠠᠯᠬ᠎ᠠ ᠮᠣᠩᠭᠣᠯᠴᠤᠳ ᠪᠠ ᠵᠡᠭᠦᠨ ᠮᠣᠩᠭᠣᠯᠴᠤᠳ ᠥᠪᠡᠷᠰᠡᠳ ᠦ᠋ᠨ ᠬᠠᠷᠢᠶᠠᠲᠤ ᠠᠷᠠᠳ ᠭᠡᠮᠡᠨ ᠦᠵᠡᠵᠦ ᠲᠥᠪᠡᠬᠢᠨᠡᠭᠦᠯᠬᠦ ᠶ᠋ᠢ ᠪᠠᠢᠩᠭᠤ ᠤᠷᠤᠯᠳᠤᠵᠤ ᠢᠷᠡᠭᠰᠡᠨ ᠪᠣᠯᠪᠠᠴᠤ ᠲᠡᠳᠡ ᠪᠡᠶ᠎ᠡ ᠳᠠᠭᠠᠭᠠᠵᠤ ᠰᠠᠯᠤᠨ ᠲᠤᠰᠠᠭᠠᠷᠯᠠᠬᠤ ᠶ᠋ᠢ ᠢᠯᠡᠭᠦᠦ ᠳ᠋ᠦ᠍ ᠦᠵᠡᠵᠦ ᠢᠷᠡᠵᠡᠢ᠃ ᠲᠡᠳᠡᠨ ᠦ᠌ ᠳᠣᠲᠣᠷ᠎ᠠ ᠨᠡᠭᠦᠵᠦ ᠣᠴᠢᠭᠰᠠᠨ ᠴᠣᠷᠣᠰ ᠤ᠋ᠳ 1635 ᠣᠨ ᠳ᠋ᠤ᠌ ᠲᠥᠪᠡᠳ ᠡᠴᠡ 《ᠬᠣᠩ ᠲᠠᠢᠵᠢ》 ᠴᠣᠯᠠ ᠠᠪᠴᠤ ᠴᠣᠷᠣᠰ ᠤ᠋ᠨ ᠬᠠᠨᠳᠤ ᠤᠯᠤᠰ ᠪᠠᠢᠭᠤᠯᠤᠭᠰᠠᠨ ᠨᠢ ᠤᠭ ᠲᠠᠭᠠᠨ ᠮᠣᠩᠭᠣᠯ ᠲᠥᠷᠥ ᠡᠴᠡ ᠪᠤᠰᠤ ᠬᠠᠷᠢ ᠡᠴᠡ ᠴᠣᠯᠠ ᠡᠭᠦᠰᠬᠡᠭᠰᠡᠨ ᠣᠢᠷᠠᠳ ᠤ᠋ᠨ ᠲᠤᠰᠠᠭᠠᠷᠯᠠᠯ ᠤ᠋ᠨ ᠰᠢᠢᠳᠪᠦᠷᠢᠲᠡᠢ ᠡᠬᠢᠯᠡᠯ ᠪᠠᠢᠪᠠ᠃

ᠭᠡᠷ ᠪᠦᠯᠢ
ᠡᠴᠢᠭᠡ᠄ ᠬᠣᠲᠣᠭᠴᠢᠨ ᠡᠷᠳᠡᠨᠢᠪᠠᠭᠠᠲᠤᠷ ᠬᠣᠩ ᠲᠠᠢᠵᠢ
ᠡᠬᠡ᠄ ᠲᠣᠷᠭᠤᠳ ᠤ᠋ᠨ ᠶᠣᠮᠠᠭ᠎ᠠ
ᠠᠬ᠎ᠠ᠄ ᠰᠡᠩᠭᠡ ᠬᠣᠩ ᠲᠠᠢᠵᠢ
ᠬᠠᠲᠤᠨ᠄ ᠬᠣᠱᠤᠳ ᠤ᠋ᠨ ᠠᠨᠤ ᠬᠠᠲᠤᠨ
ᠬᠥᠪᠡᠭᠦᠨ᠄ ᠰᠡᠪᠳᠡᠨᠪᠠᠯᠵᠢᠷ ᠲᠠᠢᠵᠢ
ᠥᠬᠢᠨ᠄ ᠶᠠᠭᠤᠮᠠᠴᠢᠬᠠᠢ ᠪᠣᠯᠤᠨ ᠪᠤᠮ᠃
ᠭᠠᠯᠳᠠᠨ ᠪᠣᠱᠣᠭᠲᠤ ᠬᠠᠭᠠᠨ ᠤ᠋ ᠰᠢᠳᠠᠷ ᠪᠣᠯᠤᠨ ᠣᠢᠷ᠎ᠠ ᠶ᠋ᠢᠨ ᠬᠥᠮᠦᠰ᠂ ᠲᠡᠳᠡᠭᠡᠷ ᠦ᠋ᠨ ᠬᠤᠪᠢ ᠵᠠᠶᠠᠭ᠎ᠠ ᠲᠠᠢ ᠪᠠᠭᠠᠲᠤᠷ ᠵᠠᠢᠰᠠᠩ᠄ ᠵᠠᠭᠤᠨ ᠮᠣᠳᠣᠨ ᠤ᠋ ᠲᠤᠯᠤᠯᠳᠤᠭᠠᠨ ᠳ᠋ᠤ᠌ ᠶᠡᠬᠡ ᠫᠤᠤ ᠶ᠋ᠢᠨ ᠰᠤᠮᠤᠨ ᠳ᠋ᠤ᠌ ᠣᠨᠣᠭᠳᠠᠵᠤ ᠦᠬᠦᠵᠡᠢ᠃
ᠪᠣᠯᠠᠳ᠋ ᠬᠣᠵᠢᠶ᠎ᠠ᠄ ᠵᠠᠭᠤᠨ ᠮᠣᠳᠣᠨ ᠤ᠋ ᠲᠤᠯᠤᠯᠳᠤᠭᠠᠨ ᠳ᠋ᠤ᠌ ᠰᠤᠮᠤᠨ ᠳ᠋ᠤ᠌ ᠬᠠᠷᠪᠤᠭᠤᠯᠵᠤ ᠦᠬᠦᠵᠡᠢ᠃
ᠠᠨᠤ ᠬᠠᠲᠤᠨ᠄ ᠵᠠᠭᠤᠨ ᠮᠣᠳᠣᠨ ᠤ᠋ ᠲᠤᠯᠤᠯᠳᠤᠭᠠᠨ ᠳ᠋ᠤ᠌ ᠴᠠᠬᠢᠭᠤᠷ ᠫᠤᠤ ᠶ᠋ᠢᠨ ᠰᠤᠮᠤᠨ ᠳ᠋ᠤ᠌ ᠣᠨᠣᠭᠳᠠᠵᠤ ᠦᠬᠦᠵᠡᠢ᠃
ᠲᠠᠮᠪᠠ ᠬᠠᠱᠠᠬᠠ᠂ ᠴᠠᠭᠠᠨ ᠰᠢᠳᠠᠷ ᠬᠠᠱᠠᠬᠠ᠄ ᠵᠠᠭᠤᠨ ᠮᠣᠳᠣᠨ ᠤ᠋ ᠲᠤᠯᠤᠯᠳᠤᠭᠠᠨ ᠢ᠋ᠶ᠋ᠠᠷ 100 ᠭᠠᠷᠤᠢ ᠬᠥᠮᠦᠨ ᠢ᠋ᠶ᠋ᠡᠨ ᠳᠠᠭᠠᠭᠤᠯᠤᠨ ᠮᠠᠨᠵᠤ ᠶ᠋ᠢᠨ ᠳᠣᠣᠷ᠎ᠠ ᠣᠷᠣᠵᠠᠢ᠃
ᠰᠡᠸᠠᠩᠷᠠᠪᠳᠤᠩ ᠲᠠᠢᠵᠢ᠂ ᠪᠠᠭᠠᠲᠤᠷ ᠲᠠᠢᠵᠢ᠂ ᠮᠠᠢ ᠵᠠᠢᠰᠠᠩ᠂ ᠮᠠᠮᠤ ᠭᠦᠶᠡᠩ ᠵᠠᠢᠰᠠᠩ᠂ ᠡᠷᠢᠨᠴᠢᠨ ᠬᠠᠱᠠᠬᠠ᠂ ᠪᠢᠰᠢᠷᠡᠯᠲᠦ ᠴᠣᠷᠵᠢ᠄ ᠵᠠᠭᠤᠨ ᠮᠣᠳᠣᠨ ᠤ᠋ ᠲᠤᠯᠤᠯᠳᠤᠭᠠᠨ ᠢ᠋ᠶ᠋ᠠᠷ ᠬᠥᠮᠦᠰ ᠦ᠋ᠨ ᠬᠠᠮᠲᠤ ᠮᠠᠨᠵᠤ ᠶ᠋ᠢᠨ ᠳᠣᠣᠷ᠎ᠠ ᠣᠷᠣᠵᠠᠢ᠃
ᠵᠠᠢᠰᠠᠩ ᠲᠦᠰᠢᠶᠡᠲᠦ ᠨᠣᠷᠪᠤ᠄ ᠵᠠᠭᠤᠨ ᠮᠣᠳᠣᠨ ᠤ᠋ ᠲᠤᠯᠤᠯᠳᠤᠭᠠᠨ ᠤ᠋ ᠳᠠᠷᠠᠭ᠎ᠠ ᠭᠠᠯᠳᠠᠨ ᠲᠠᠢ ᠬᠡᠰᠡᠭ ᠬᠠᠮᠲᠤ ᠪᠠᠢᠵᠤ ᠪᠠᠢᠭᠠᠳ 80 ᠬᠥᠮᠦᠨ ᠢ᠋ᠶ᠋ᠡᠨ ᠳᠠᠭᠠᠭᠤᠯᠤᠨ ᠮᠠᠨᠵᠤ ᠶ᠋ᠢᠨ ᠳᠣᠣᠷ᠎ᠠ ᠣᠷᠣᠵᠠᠢ(1697 ᠣᠨ ᠤ᠋ ᠡᠬᠢ ᠪᠡᠷ)᠃
ᠦᠷᠡᠵᠢᠨᠵᠠᠪ᠂ ᠰᠡᠷᠡᠩ᠂ ᠠᠪᠠ᠄ ᠭᠠᠯᠳᠠᠨ ᠢ᠋ ᠨᠠᠰᠤ ᠪᠠᠷᠠᠭᠰᠠᠨ ᠤ᠋ ᠳᠠᠷᠠᠭ᠎ᠠ ᠰᠡᠸᠠᠩᠷᠠᠪᠳᠤᠩ ᠳ᠋ᠤ᠌ ᠪᠠᠷᠢᠭᠳᠠᠭᠰᠠᠨ᠃
ᠠᠷᠠᠯᠪᠠᠢ᠄ ᠭᠠᠯᠳᠠᠨ ᠢ᠋ ᠨᠠᠰᠤ ᠪᠠᠷᠠᠭᠰᠠᠨ ᠤ᠋ ᠳᠠᠷᠠᠭ᠎ᠠ ᠥᠪᠡᠷ ᠢ᠋ ᠪᠡᠨ ᠳᠡᠭᠦᠵᠢᠯᠡᠵᠦ ᠦᠬᠦᠵᠡᠢ᠃
ᠳᠡᠨᠵᠢᠨ ᠣᠮᠪᠣ᠄ ᠰᠡᠸᠡᠩᠷᠠᠪᠳᠤᠩ ᠤ᠋ᠨ ᠳᠡᠭᠦᠦ᠃ ᠭᠠᠯᠳᠠᠨ ᠢ᠋ ᠨᠠᠰᠤ ᠪᠠᠷᠠᠭᠰᠠᠨ ᠤ᠋ ᠳᠠᠷᠠᠭ᠎ᠠ ᠰᠡᠸᠠᠩᠷᠠᠪᠳᠤᠩ ᠤᠷᠤᠭᠤ ᠣᠴᠢᠭᠰᠠᠨ᠃ ᠲᠡᠭᠦᠨ ᠢ᠋ ᠱᠣᠷᠣᠩ ᠳ᠋ᠤ᠌ ᠬᠢᠭᠰᠡᠨ ᠪᠠᠢᠨ᠎ᠠ᠃
ᠭᠡᠯᠡᠢ ᠭᠦᠶᠡᠩ᠄ 1697 ᠣᠨ ᠳ᠋ᠤ᠌ ᠭᠠᠯᠳᠠᠨ ᠡᠴᠡ ᠰᠠᠯᠤᠨ ᠬᠥᠮᠦᠰ ᠦ᠋ᠨ ᠬᠠᠮᠲᠤ ᠪᠠᠷ ᠮᠠᠨᠵᠤ ᠶ᠋ᠢᠨ ᠳᠣᠣᠷ᠎ᠠ ᠣᠷᠣᠵᠠᠢ᠃
ᠳᠠᠨᠵᠢᠯ᠄ ᠭᠠᠯᠳᠠᠨ ᠢ᠋ ᠨᠠᠰᠤ ᠪᠠᠷᠠᠭᠰᠠᠨ ᠤ᠋ ᠳᠠᠷᠠᠭ᠎ᠠ ᠲᠡᠭᠦᠨ ᠦ᠌ ᠥᠬᠢᠨ ᠵᠤᠨᠴᠢᠬᠠᠢ᠂ ᠮᠥᠨ ᠭᠠᠯᠳᠠᠨ ᠤ᠋ ᠦᠨᠡᠰᠦ ᠶ᠋ᠢ ᠳᠠᠯᠠᠢ ᠯᠠᠮ᠎ᠠ ᠳ᠋ᠤ᠌ ᠬᠦᠯᠢᠶᠡᠯᠭᠡᠵᠦ ᠥᠭᠬᠦ ᠪᠡᠷ ᠶᠠᠪᠤᠬᠤ ᠵᠠᠮ ᠳ᠋ᠤ᠌ ᠨᠢ ᠰᠡᠸᠠᠩᠷᠠᠪᠳᠤᠩ ᠤ᠋ᠨ ᠴᠡᠷᠢᠭ ᠦ᠋ᠳ ᠳᠣᠪᠲᠣᠯᠵᠤ ᠵᠤᠨᠴᠢᠬᠠᠢ ᠶ᠋ᠢ ᠣᠯᠵᠯᠠᠵᠠᠢ(1697 ᠣᠨ ᠤ᠋ 7 ᠳ᠋ᠤᠭᠠᠷ ᠰᠠᠷ᠎ᠠ)᠃ ᠳᠠᠨᠵᠢᠯ ᠬᠠᠮᠢ ᠣᠷᠴᠢᠮ ᠤ᠋ᠨ ᠯᠠᠯᠤ ᠱᠠᠰᠢᠨᠲᠠᠨ ᠨᠤᠭᠤᠳ ᠤᠷᠤᠭᠤ ᠵᠢᠭᠤᠲᠠᠨ ᠲᠡᠳᠡᠨ ᠢ᠋ᠶ᠋ᠡᠷ ᠬᠠᠮᠠᠭᠠᠯᠠᠭᠤᠯᠤᠨ ᠪᠡᠭᠡᠵᠢᠩ ᠳ᠋ᠦ᠍ ᠣᠴᠢᠭᠰᠠᠨ ᠪᠠᠢᠨ᠎ᠠ(1697 ᠣᠨ ᠤ᠋ 10 ᠳ᠋ᠤᠭᠠᠷ ᠰᠠᠷ᠎ᠠ)᠃ ᠲᠡᠭᠦᠨ ᠳ᠋ᠦ᠍ ᠬᠥᠮᠦᠰ ᠨᠢ ᠬᠠᠮᠲᠤ ᠵᠠᠩᠴᠦᠦ ᠶ᠋ᠢᠨ ᠳᠠᠪᠠᠭᠠᠨ ᠤ᠋ ᠬᠣᠢᠨ᠎ᠠ ᠨᠤᠲᠤᠭ ᠵᠢᠭᠠᠵᠤ ᠥᠭᠴᠡᠢ᠃ ᠮᠥᠨ ᠮᠠᠨᠵᠤ ᠶ᠋ᠢᠨ ᠬᠠᠭᠠᠨ ᠡᠴᠡ ᠥᠨᠳᠥᠷ ᠴᠣᠯᠠ ᠬᠡᠷᠬᠡᠮ ᠬᠦᠷᠲᠡᠵᠡᠢ᠃
ᠢᠯᠠᠭᠤᠭᠰᠠᠨ ᠬᠤᠲᠤᠭᠲᠤ᠄ ᠬᠣᠱᠤᠳ ᠤ᠋ᠨ ᠤᠴᠢᠷᠲᠤ ᠰᠡᠴᠡᠨ ᠬᠠᠨ ᠤ᠋ ᠬᠦᠦ᠃ ᠳᠠᠯᠠᠢ ᠯᠠᠮ᠎ᠠ ᠶ᠋ᠢᠨ ᠡᠯᠴᠢ ᠪᠡᠷ ᠮᠠᠨᠵᠤ ᠶ᠋ᠢᠨ ᠰᠤᠩᠰᠢ ᠬᠠᠭᠠᠨ ᠳ᠋ᠤ᠌ ᠣᠴᠢᠵᠠᠢ᠃ 1685 ᠣᠨ ᠳ᠋ᠤ᠌ ᠬᠥᠬᠡᠬᠣᠲᠠ ᠶ᠋ᠢᠨ᠂ 1687 ᠣᠨ ᠳ᠋ᠤ᠌ ᠪᠡᠭᠡᠵᠢᠩ ᠬᠣᠲᠠ ᠶ᠋ᠢᠨ ᠲᠡᠷᠢᠭᠦᠨ ᠬᠠᠩᠪᠤ ᠪᠣᠯᠤᠭᠰᠠᠨ ᠪᠠᠢᠨ᠎ᠠ᠃ ᠺᠠᠨᠰᠢ ᠬᠠᠭᠠᠨ ᠤ᠋ ᠡᠯᠴᠢ ᠪᠡᠷ ᠭᠠᠯᠳᠠᠨ ᠪᠣᠱᠣᠭᠲᠤ ᠤᠷᠤᠭᠤ ᠣᠴᠢᠵᠤ ᠪᠠᠢᠭᠰᠠᠨ᠂ ᠤᠳᠠᠯ ᠦᠭᠡᠢ ᠭᠠᠯᠳᠠᠨ ᠤ᠋ ᠲᠠᠯ᠎ᠠ ᠳ᠋ᠤ᠌ ᠣᠷᠣᠵᠠᠢ᠃ ᠭᠠᠯᠳᠠᠨ ᠢ᠋ ᠨᠠᠰᠤ ᠪᠠᠷᠠᠭᠰᠠᠨ ᠤ᠋ ᠳᠠᠷᠠᠭ᠎ᠠ ᠰᠡᠸᠠᠩᠷᠠᠪᠳᠤᠩ ᠲᠡᠭᠦᠨ ᠢ᠋ ᠮᠠᠨᠵᠤ ᠶ᠋ᠢᠨ ᠬᠠᠭᠠᠨ ᠳ᠋ᠤ᠌ ᠲᠤᠰᠢᠶᠠᠭᠰᠠᠨ ᠪᠠᠢᠨ᠎ᠠ᠃ ᠲᠡᠭᠦᠨ ᠢ᠋ ᠪᠡᠭᠡᠵᠢᠩ ᠦ᠋ᠨ ᠶᠡᠬᠡ ᠰᠢᠷ᠎ᠠ ᠰᠦᠮ᠎ᠡ ᠳ᠋ᠦ᠍ ᠮᠣᠩᠭᠣᠯ ᠨᠣᠶᠠᠳ ᠤ᠋ᠨ ᠡᠮᠦᠨ᠎ᠡ ᠮᠥᠴᠢᠯᠡᠵᠦ ᠠᠯᠠᠵᠠᠢ(1697.11.29)᠃
ᠴᠡᠨᠪᠡᠢ ᠰᠠᠩᠪᠣ᠄ ᠭᠠᠯᠳᠠᠨ ᠤ᠋ ᠬᠤᠪᠢ ᠶ᠋ᠢᠨ ᠡᠮᠴᠢ᠃ ᠰᠡᠸᠠᠩᠷᠠᠪᠳᠤᠩ ᠳ᠋ᠤ᠌ ᠪᠠᠷᠢᠭᠳᠠᠭᠠᠳ ᠮᠠᠨᠵᠤ ᠶ᠋ᠢᠨ ᠬᠠᠭᠠᠨ ᠳ᠋ᠤ᠌ ᠬᠦᠷᠭᠡᠭᠳᠡᠵᠡᠢ᠃ ᠲᠡᠭᠦᠨ ᠢ᠋ ᠴᠠᠭᠠᠵᠠᠯᠠᠭᠰᠠᠨ ᠪᠠᠢᠨ᠎ᠠ᠃
ᠮᠥᠩᠬᠡ᠄ ᠭᠠᠯᠳᠠᠨ ᠤ᠋ ᠪᠦᠬᠦ ᠴᠡᠷᠢᠭ ᠦ᠋ᠨ ᠵᠠᠩᠵᠤᠨ ᠪᠥᠭᠡᠳ ᠬᠠᠯᠬ᠎ᠠ ᠶ᠋ᠢᠨ ᠪᠣᠯᠤᠨ ᠮᠠᠨᠵᠤ ᠶ᠋ᠢᠨ ᠡᠰᠡᠷᠡᠭ ᠲᠡᠢᠨ ᠢ᠋ ᠤᠳᠤᠷᠢᠳᠴᠤ ᠪᠠᠢᠭᠰᠠᠨ᠃ ᠡᠨᠡ ᠬᠥᠮᠦᠨ ᠦ᠌ ᠮᠡᠳᠡᠭᠡᠯᠡᠯ ᠲᠡᠦᠬᠡ ᠰᠤᠳᠤᠷ ᠡᠴᠡ ᠣᠯᠳᠠᠬᠤ ᠨᠢ ᠬᠣᠪᠣᠷ᠃
ᠰᠡᠪᠳᠡᠨᠪᠠᠯᠵᠢᠷ᠄ ᠭᠠᠯᠳᠠᠨ ᠤ᠋ 14 ᠨᠠᠰᠤᠲᠠᠢ ᠬᠦᠦ᠃ ᠬᠠᠮᠢ ᠣᠷᠴᠢᠮ ᠤ᠋ᠨ ᠯᠠᠯᠤ ᠱᠠᠰᠢᠨᠲᠠᠨ ᠨᠤᠭᠤᠳ ᠲᠡᠭᠦᠨ ᠢ᠋ ᠪᠠᠷᠢᠨ ᠮᠠᠨᠵᠤ ᠶ᠋ᠢᠨ ᠬᠠᠭᠠᠨ ᠳ᠋ᠤ᠌ ᠬᠦᠷᠭᠡᠭᠦᠯᠵᠡᠢ(1697 ᠣᠨ ᠤ᠋ 3 ᠳ᠋ᠤᠭᠠᠷ ᠰᠠᠷ᠎ᠠ)᠃ ᠺᠠᠨᠰᠢ ᠲᠡᠭᠦᠨ ᠢ᠋ ᠡᠴᠢᠭᠡ ᠶ᠋ᠢᠨ ᠬᠠᠮᠲᠤ ᠴᠠᠭᠠᠵᠠᠯᠠᠬᠤ ᠬᠦᠰᠡᠯ ᠲᠡᠢ ᠪᠠᠢᠭᠰᠠᠨ ᠪᠣᠯᠪᠠᠴᠤ ᠭᠠᠯᠳᠠᠨ ᠢ᠋ ᠨᠠᠰᠤ ᠪᠠᠷᠠᠭᠰᠠᠨ ᠤ᠋ ᠳᠠᠷᠠᠭ᠎ᠠ ᠠᠮᠢᠳᠤ ᠦᠯᠡᠳᠡᠭᠡᠪᠡ᠃ ᠰᠡᠪᠳᠡᠨᠪᠠᠯᠵᠢᠷ ᠪᠡᠭᠡᠵᠢᠩ ᠳ᠋ᠦ᠍ ᠵᠤᠨᠴᠢᠬᠠᠢ ᠡᠭᠡᠴᠢ ᠲᠡᠢ ᠪᠡᠨ ᠨᠢᠭᠡ ᠬᠡᠰᠡᠭ ᠠᠮᠢᠳᠤᠷᠠᠵᠤ ᠪᠠᠢᠭᠠᠳ ᠮᠠᠨᠵᠤ ᠶ᠋ᠢᠨ ᠬᠠᠭᠠᠨ ᠤ᠋ ᠬᠡᠰᠢᠭᠲᠡᠨ ᠴᠡᠷᠢᠭ ᠲᠦ᠍ ᠣᠷᠣᠭᠰᠠᠨ ᠪᠠᠢᠨ᠎ᠠ᠃
ᠵᠤᠨᠴᠢᠬᠠᠢ᠄ ᠭᠠᠯᠳᠠᠨ᠂ ᠠᠨᠤ ᠬᠣᠶᠠᠷ ᠤ᠋ᠨ ᠥᠬᠢᠨ᠃ ᠰᠡᠸᠠᠩᠷᠠᠪᠳᠤᠩ ᠲᠡᠭᠦᠨ ᠢ᠋ ᠮᠠᠨᠵᠤ ᠶ᠋ᠢᠨ ᠬᠠᠭᠠᠨ ᠳ᠋ᠤ᠌ ᠬᠦᠷᠭᠡᠭᠦᠯᠵᠡᠢ(1701 ᠣᠨ)᠃ ᠲᠡᠨᠳᠡ ᠳᠡᠭᠦᠦ ᠰᠡᠪᠳᠡᠨᠪᠠᠯᠵᠢᠷ ᠲᠠᠢ ᠪᠠᠨ ᠬᠠᠮᠲᠤ ᠠᠮᠢᠳᠤᠷᠠᠵᠤ ᠪᠠᠢᠭᠠᠳ ᠮᠠᠨᠵᠤ ᠶ᠋ᠢᠨ ᠬᠡᠰᠢᠭᠲᠡᠨ ᠴᠡᠷᠢᠭ ᠦ᠋ᠨ ᠱᠠᠭᠳᠤᠷ ᠭᠡᠳᠡᠭ ᠬᠥᠮᠦᠨ ᠲᠡᠢ ᠰᠠᠭᠤᠵᠠᠢ᠃
ᠰᠡᠷᠡᠩᠰᠠᠨᠷᠦᠪ᠄ ᠭᠠᠯᠳᠠᠨ ᠤ᠋ ᠬᠦᠦ᠃ ᠰᠡᠸᠠᠩᠷᠠᠪᠳᠤᠩ ᠲᠡᠭᠦᠨ ᠢ᠋ ᠡᠵᠢ ᠶ᠋ᠢᠨ ᠬᠠᠮᠲᠤ(ᠪᠦᠷᠢᠨ) ᠮᠠᠨᠵᠤ ᠶ᠋ᠢᠨ ᠬᠠᠭᠠᠨ ᠳ᠋ᠤ᠌ ᠬᠦᠷᠭᠡᠭᠦᠯᠬᠦ ᠪᠡᠷ ᠶᠠᠪᠤᠭᠤᠯᠵᠠᠢ᠃ ᠭᠡᠪᠡᠴᠦ ᠵᠠᠮ ᠳ᠋ᠤ᠌ ᠪᠠᠨ ᠨᠠᠰᠤ ᠪᠠᠷᠠᠭᠰᠠᠨ ᠪᠠᠢᠨ᠎ᠠ᠃
ᠷᠠᠪᠲᠤᠨ᠄ 1702 ᠣᠨ ᠳ᠋ᠤ᠌ ᠬᠥᠮᠦᠰ ᠢ᠋ᠶ᠋ᠡᠨ ᠠᠪᠤᠨ ᠮᠠᠨᠵᠤ ᠶ᠋ᠢᠨ ᠳᠣᠣᠷ᠎ᠠ ᠣᠷᠣᠵᠠᠢ᠃

ᠳᠡᠭᠡᠷᠡᠬᠢ ᠭᠠᠯᠳᠠᠨ ᠪᠣᠱᠣᠭᠲᠤ ᠬᠠᠭᠠᠨ ᠤ᠋ ᠰᠢᠳᠠᠷ ᠪᠣᠯᠤᠨ ᠣᠢᠷ᠎ᠠ ᠶ᠋ᠢᠨ ᠬᠥᠮᠦᠰ᠂ ᠲᠡᠳᠡᠭᠡᠷ ᠦ᠋ᠨ ᠬᠤᠪᠢ ᠵᠠᠶᠠᠭ᠎ᠠ ᠶ᠋ᠢ ᠦᠵᠡᠪᠡᠯ ᠮᠠᠨᠵᠤ ᠴᠢᠩ ᠦ᠋ᠨ ᠲᠥᠷᠥ ᠪᠠᠷᠢᠭᠴᠢᠳ ᠭᠠᠯᠳᠠᠨ ᠪᠣᠱᠣᠭᠲᠤ ᠬᠠᠭᠠᠨ ᠤ᠋ ᠠᠴᠢ ᠬᠦᠦ ᠪᠣᠯᠬᠤ ᠰᠡᠸᠠᠩᠷᠠᠪᠳᠤᠩ( ᠰᠡᠩᠭᠡ ᠶ᠋ᠢᠨ ᠬᠦᠦ) ᠶ᠋ᠢ ᠭᠦᠢᠴᠡᠳ ᠠᠰᠢᠭᠯᠠᠵᠠᠢ᠃ ᠮᠣᠩᠭᠣᠯ ᠢ᠋ᠶ᠋ᠠᠷ ᠮᠣᠩᠭᠣᠯ ᠢ᠋ ᠳᠠᠷᠤᠭᠰᠠᠨ ᠢ᠋ᠶ᠋ᠠᠷ ᠪᠠᠷᠠᠬᠤ ᠦᠭᠡᠢ ᠰᠠᠳᠤᠨ ᠲᠥᠷᠥᠯ ᠦ᠋ᠨ ᠬᠣᠭᠣᠷᠣᠨᠳᠣᠬᠢ ᠪᠠᠭ᠎ᠠ ᠰᠠᠭ᠎ᠠ ᠥᠷᠢᠰᠦᠯᠳᠦᠭᠡᠨ ᠢ᠋ ᠴᠦ᠍ ᠠᠯᠳᠠᠯ ᠦᠭᠡᠢ ᠬᠡᠷᠡᠭᠯᠡᠵᠡᠢ᠃

ᠭᠠᠯᠳᠠᠨ ᠪᠣᠱᠣᠭᠲᠤ ᠬᠠᠭᠠᠨ ᠤ᠋ ᠠᠯᠲᠠᠨ ᠰᠤᠷᠭᠠᠯ

ᠡᠬᠡ ᠨᠤᠲᠤᠭ ᠤ᠋ᠨ ᠮᠢᠨᠢ ᠳᠥᠷᠪᠡᠨ ᠵᠦᠭ ᠨᠠᠢ᠍ᠮᠠᠨ ᠵᠣᠪᠬᠢᠰ ᠡᠴᠡ
ᠡᠷᠡᠬᠡᠢ ᠳᠠᠷᠤᠮ᠎ᠠ ᠭᠠᠵᠠᠷ ᠢ᠋ ᠪᠤᠷᠬᠠᠨ ᠭᠤᠶᠤᠭᠰᠠᠨ ᠴᠤ᠌ ᠪᠤᠤ ᠥᠭ !

ᠵᠡᠭᠦᠨᠭᠠᠷ ᠬᠠᠭᠠᠨᠲᠤ ᠤᠯᠤᠰ ᠤᠨ ᠭᠠᠵᠠᠷ ᠤᠨ ᠵᠢᠷᠤᠭЗүүнгар хаант улсын газрын жирүг

ᠠᠨᠤ ᠬᠠᠲᠤᠨ ᠺᠢᠨᠣ᠋ ᠲᠠᠢ ᠬᠣᠯᠪᠣᠬᠤ