ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠬᠣᠶᠠᠷ) Сэрүүхэн тал нутаг–<свис> Вальтер Босгард (Walter Bosshard)- Гуравдугаар бөлөг᠂Гуравдэх аялал 2 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠬᠣᠶᠠᠷ) Сэрүүхэн тал нутаг–<свис> Вальтер Босгард (Walter Bosshard)- Гуравдугаар бөлөг᠂Гуравдэх аялал 2

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠭᠤᠷᠪᠠᠳᠣᠭᠠᠷ ᠪᠦᠯᠦᠭ᠂ ᠭᠤᠷᠪᠠᠳᠡᠬᠢ ᠠᠶᠠᠯᠠᠯ (ᠬᠣᠶᠠᠷ) Сэрүүхэн тал нутаг–<свис> Вальтер Босгард (Walter Bosshard)- Гуравдугаар бөлөг᠂Гуравдэх аялал 2

ᠠᠩᠭᠢᠯᠠᠯ:ᠲᠤᠭᠤᠵᠢ ᠷᠣᠮᠠᠨ
2024-07-17

444

ᠬᠣᠶᠠᠷ ᠂ ᠲᠠᠯ᠎ᠠ ᠨᠤᠲᠤᠭ ᠤ᠋ᠨ ᠸᠠᠩ


       - ᠨᠢᠭᠡ ᠴᠠᠭ ᠤ᠋ᠨ ᠳᠣᠲᠣᠷ᠎ᠠ ᠪᠢᠳᠡ ᠴᠤᠤ ᠬᠤ᠌ ᠬᠦᠷᠴᠦ ᠲᠡᠨᠳᠡ ᠪᠡᠨ ᠬᠣᠨᠣᠭᠯᠠᠬᠤ ᠪᠣᠯᠤᠨ᠎ᠠ ᠭᠡᠵᠦ ᠦᠪᠸᠷᠬᠸ ᠶᠠᠷᠢᠯ᠎ᠠ᠃ 
       ᠵᠣᠭᠰᠣᠯ ᠦᠭᠡᠢ ᠲᠦᠷᠴᠢᠭᠢᠨᠡᠨ ᠳᠤᠤᠭᠠᠷᠬᠤ ᠮᠠᠰᠢᠨ ᠤ᠋ ᠮᠣᠲ᠋ᠣᠷ ᠴᠢᠬᠢᠨ ᠳ᠋ᠦ᠍ ᠬᠠᠳᠠᠩᠰᠢᠵᠤ᠂ ᠦᠳᠡᠰᠢ ᠶ᠋ᠢᠨ ᠪᠦᠷᠦᠢ ᠳ᠋ᠡᠬᠢ ᠪᠣᠭᠣᠨᠢᠬᠠᠨ ᠳᠣᠪᠣᠴᠠᠭ ᠤ᠋ᠳ ᠬᠣᠢᠰᠢ ᠪᠠᠨ ᠰᠡᠭᠦᠳᠡᠭᠡᠨᠡᠨ ᠠᠯᠠᠭ᠎ᠠ ᠪᠣᠯᠵᠤ ᠪᠠᠢᠯ᠎ᠠ᠃ ᠰᠥᠨᠢ ᠶ᠋ᠢᠨ ᠬᠦᠢᠲᠡᠨ ᠵᠢᠪᠠᠷ ᠬᠠᠴᠠᠷ ᠢ᠋ ᠬᠠᠭᠠᠷᠢᠬᠤ ᠨᠢ ᠶᠠᠭ ᠯᠠ ᠲᠣᠭᠠᠯᠠᠰᠢ ᠦᠭᠡᠢ ᠨᠠᠷᠢᠬᠠᠨ ᠵᠡᠭᠦᠦ ᠪᠡᠷ ᠰᠢᠪᠡᠬᠦ ᠮᠡᠲᠦ ᠠᠵᠢ᠃ ᠭᠣᠣ ᠣᠪᠣᠭᠲᠠᠢ ᠬᠢᠲᠠᠳ ᠵᠠᠷᠤᠴᠠ ᠮᠢᠨᠢ ᠠᠶᠤᠭᠰᠠᠨ ᠴᠢᠷᠠᠢ ᠲᠠᠢ ᠴᠢᠮᠡᠭᠡ ᠦᠭᠡᠢ ᠠᠷᠤ ᠶ᠋ᠢᠨ ᠠᠴᠢᠶᠠᠨ ᠤ᠋ ᠳᠤᠮᠳᠠ ᠰᠠᠭᠤᠵᠤ ᠪᠠᠢᠪᠠ᠃ ᠵᠠᠮ ᠤ᠋ᠨ ᠮᠠᠭᠤ ᠵᠢᠴᠢ ᠤᠳᠠᠭᠠᠨ ᠴᠠᠭ ᠤ᠋ᠨ ᠠᠶᠠᠯᠠᠯ ᠨᠢ ᠲᠡᠭᠦᠨ ᠢ᠋ ᠡᠢᠮᠦ ᠪᠣᠯᠭᠠᠭᠰᠠᠨ ᠠᠵᠢ᠃ ᠡᠪᠦᠯ ᠦ᠋ᠨ ᠬᠦᠢᠲᠡᠨ ᠳ᠋ᠦ᠍ ᠬᠠᠴᠠᠷ ᠨᠢ ᠴᠡᠭᠡᠨ ᠭᠢᠯᠪᠠᠭ᠎ᠠ ᠲᠠᠲᠠᠵᠤ᠂ ᠪᠠᠷᠤᠭ ᠯᠠ ᠬᠥᠬᠡᠷᠡᠬᠦ ᠳ᠋ᠡᠭᠡᠨ ᠳᠥᠭᠥᠵᠡᠢ᠃ ᠨᠢᠳᠦᠨ ᠡᠴᠡ ᠨᠢ ᠵᠥᠭᠡᠯᠡᠨ ᠳᠣᠷᠣᠢ᠂ ᠵᠦᠳᠡᠷᠡᠭᠰᠡᠨ ᠥᠩᠭᠡ ᠬᠠᠷᠠᠭᠳᠠᠵᠤ  ᠪᠠᠢᠯ᠎ᠠ᠃ ᠠᠩᠬ᠎ᠠ ᠬᠠᠷᠠᠵᠤ ᠪᠠᠢᠭ᠎ᠠ ᠮᠣᠩᠭᠣᠯ ᠤ᠋ᠨ ᠲᠠᠯ᠎ᠠ ᠨᠤᠲᠤᠭ ᠨᠢ ᠥᠪᠡᠷ ᠢ ᠨᠢ ᠬᠥᠯᠳᠡᠭᠡᠬᠦ ᠰᠢᠬᠠᠵᠤ ᠪᠠᠢᠭ᠎ᠠ ᠨᠢ ᠲᠡᠭᠦᠨ ᠳ᠋ᠦ᠍ ᠬᠡᠴᠢᠨᠡᠭᠡᠨ ᠠᠶᠤᠮᠰᠢᠭᠲᠠᠢ ᠰᠠᠨᠠᠭᠳᠠᠭᠰᠠᠨ ᠪᠣᠯ !  
       ᠪᠢᠳᠡᠨ ᠢ ᠤᠷᠲᠤ ᠨᠠᠷᠢᠬᠠᠨ ᠬᠥᠨᠳᠡᠢ ᠳ᠋ᠦ᠍ ᠮᠤᠷᠤᠢᠨ ᠣᠷᠣᠬᠤ ᠳ᠋ᠤ᠌ ᠠᠯᠤᠰ ᠲᠤ᠌ ᠳ᠋ᠧᠩ ᠦ᠋ᠨ ᠭᠡᠷᠡᠯ ᠬᠠᠷᠠᠭᠳᠠᠪᠠ᠃ 
       - ᠲᠡᠨᠳᠡ ᠯᠠ ᠬᠦᠷᠦᠨ᠎ᠡ᠃ ᠲᠠᠯ᠎ᠠ ᠨᠤᠲᠤᠭ ᠤ᠋ᠨ ᠸᠠᠩ ᠤ᠋ᠨ ᠬᠠᠲᠤᠨ ᠬᠣᠨᠢᠳ ᠢ᠋ᠶ᠋ᠠᠨ ᠡᠷᠭᠢᠨ ᠦᠵᠡᠵᠦ ᠪᠠᠢᠭ᠎ᠠ ᠪᠣᠯᠤᠯᠲᠠᠢ ᠭᠡᠵᠦ ᠦᠪᠸᠷᠭᠸ ᠭᠠᠷ ᠢ᠋ᠶ᠋ᠠᠨ ᠥᠷᠥᠨ ᠶᠠᠷᠢᠬᠤ ᠨᠢ ᠶᠠᠭ ᠯᠠ ᠪᠠᠶᠠᠨ ᠲᠠᠩᠰᠤᠭ ᠨᠠᠢᠷ ᠲᠤ᠌ ᠣᠷᠣᠬᠤ ᠶ᠋ᠢᠨ ᠡᠮᠦᠨᠡᠬᠡᠨ ᠰᠢᠭ ᠪᠠᠢᠯ᠎ᠠ᠃ ᠭᠡᠨᠡᠳᠲᠡ ᠲᠡᠷᠡ ᠬᠦ᠌ ᠭᠡᠷᠡᠯ ᠠᠯᠠᠭ᠎ᠠ ᠪᠣᠯᠵᠤ᠂ ᠣᠳᠣᠳ ᠪᠦᠬᠦᠢ ᠲᠡᠭᠷᠢ ᠪᠠ ᠰᠥᠨᠢ ᠶ᠋ᠢᠨ ᠬᠦᠢᠲᠡᠨ ᠪᠢᠳᠡᠨ ᠢ᠋ ᠪᠦᠰᠡᠯᠡᠨ ᠠᠪᠤᠪᠠ᠃ ᠡᠨᠡ ᠬᠦ᠌ ᠲᠠᠨᠢᠯ ᠪᠤᠰᠤ ᠨᠠᠮᠵᠢᠭᠤᠬᠠᠨ ᠪᠠᠢᠳᠠᠯ ᠨᠢ ᠮᠢᠨᠦ ᠰᠡᠳᠬᠢᠯ ᠢ᠋ ᠲᠣᠭᠲᠠᠭᠤᠨ ᠦᠭᠡᠢ ᠪᠣᠯᠭᠠᠵᠤ ᠂ ᠮᠠᠰᠢᠨ ᠤ᠋ ᠬᠤᠷᠳᠤᠴᠠ ᠪᠣᠯᠤᠨ ᠳᠡᠭᠡᠷᠡᠮᠴᠢᠳ ᠦ᠋ᠨ ᠲᠤᠬᠠᠢ ᠶᠠᠷᠢᠵᠤ ᠭᠠᠷᠤᠯ᠎ᠠ᠃ 
       - ᠵᠠ ᠵᠠ᠂ ᠵᠠᠷᠢᠮ ᠬᠥᠮᠦᠨ ᠪᠤᠷᠤᠭᠤ ᠶᠠᠭᠤᠮ᠎ᠠ ᠪᠣᠳᠣᠵᠤ ᠡᠬᠢᠯᠡᠯ᠎ᠡ ᠶᠦᠮ ᠪᠠᠢᠨ᠎ᠠ᠃ ᠪᠢᠳᠡ ᠣᠳᠣᠬᠠᠨ ᠳ᠋ᠤ᠌ ᠴᠠᠭ ᠲᠤ᠌ ᠬᠠᠮᠤᠭ ᠤ᠋ᠨ ᠬᠤᠷᠳᠤᠨ ᠳ᠋ᠠᠭᠠᠨ ᠭᠤᠴᠢᠨ ᠺᠢᠯᠣᠮᠧᠲ᠋ᠷ ᠦ᠋ᠨ ᠬᠤᠷᠳᠤᠴᠠ ᠪᠠᠷ ᠳᠠᠪᠬᠢᠭᠤᠯᠵᠤ ᠪᠠᠢᠬᠤ ᠪᠥᠭᠡᠳ ᠳᠡᠭᠡᠷᠡᠮᠴᠢᠳ ᠶᠠᠭᠠᠬᠢᠭᠰᠠᠨ ᠴᠤ᠌ ᠳᠠᠪᠬᠢᠵᠤ ᠪᠠᠢᠭ᠎ᠠ ᠮᠠᠰᠢᠨ ᠢ᠋ ᠰᠥᠨᠢ ᠪᠡᠷ ᠳᠠᠭᠠᠷᠢᠳᠠᠭ ᠦᠭᠡᠢ ᠶᠦᠮ᠃ ᠢᠩᠭᠢᠬᠦ ᠨᠢ ᠰᠤᠮᠤ ᠶᠡᠬᠡ ᠪᠠᠷᠠᠳᠠᠭ ᠭᠡᠵᠦ ᠦᠪᠧᠷᠬᠧ ᠨᠠᠮᠠᠶ᠋ᠢ ᠲᠠᠢᠳᠬᠤᠷᠠᠭᠤᠯᠤᠨ ᠶᠠᠷᠢᠪᠠ᠃ 
       ᠪᠢᠳᠡ ᠠᠬᠢᠭᠠᠳ ᠯᠠ ᠨᠠᠮᠵᠢᠭᠤᠨ ᠪᠣᠯᠤᠯ᠎ᠠ᠃ ᠥᠪᠧᠷᠬᠧ ᠮᠠᠰᠢᠨ ᠢ᠋ᠶ᠋ᠠᠨ ᠲᠦᠷ ᠵᠣᠭᠰᠣᠭᠠᠪᠠ᠃ ᠬᠠᠷᠠᠩᠭᠤᠢ ᠳ᠋ᠤ᠌ ᠪᠢᠳᠡ ᠠᠩᠬᠠᠷᠤᠯᠲᠠᠢ ᠪᠠᠷ ᠭᠡᠷᠡᠯ ᠭᠡᠭᠡ ᠬᠠᠢᠭᠰᠠᠨ ᠪᠣᠯᠪᠠᠴᠤ ᠬᠠᠷᠠᠭᠳᠠᠭ᠎ᠠ ᠦᠭᠡᠢ᠃ ᠮᠠᠰᠢᠨ ᠤ᠋ ᠭᠡᠷᠡᠯ ᠵᠠᠮ ᠳᠡᠭᠡᠷ᠎ᠡ ᠥᠷᠭᠡᠨ ᠰᠢᠷ᠎ᠠ ᠪᠦᠰᠡ ᠭᠠᠷᠭᠠᠨ ᠵᠠᠮ ᠤ᠋ᠨ ᠡᠩᠬᠦᠯ ᠳᠤᠩᠬᠤᠯ ᠨᠢ ᠠᠶᠤᠮᠰᠢᠭᠲᠠᠢ ᠰᠡᠭᠦᠳᠡᠷ ᠦ᠋ᠳ ᠢ ᠪᠣᠢ ᠪᠣᠯᠭᠠᠵᠠᠢ᠃ 
       ᠬᠠᠷᠠᠩᠭᠤᠢ ᠳᠣᠲᠣᠷ᠎ᠠ ᠠ᠋ᠴᠠ ᠨᠢᠭᠡ ᠲᠠᠤᠯᠠᠢ ᠦᠰᠦᠷᠦᠨ ᠭᠠᠷᠴᠤ ᠳ᠋ᠧᠩ ᠦ᠋ᠨ ᠭᠡᠷᠡᠯ ᠳ᠋ᠦ᠍ ᠣᠷᠣᠭᠠᠳ ᠠᠬᠢᠨ ᠳᠡᠭᠵᠢᠨ ᠱᠠᠯᠠᠮᠠᠭᠠᠢ ᠪᠠᠷ ᠪᠢᠳᠡᠨ ᠡᠴᠡ ᠵᠢᠭᠤᠲᠠᠨ ᠠᠯᠠᠭ᠎ᠠ ᠪᠣᠯᠪᠠ᠃ ᠲᠡᠭᠦᠨ ᠦ᠌ ᠬᠠᠷᠠᠩᠭᠤᠢ ᠳ᠋ᠤ᠌ ᠦᠰᠦᠷᠦᠨ ᠣᠷᠣᠬᠤ ᠨᠢ ᠮᠣᠲ᠋ᠣᠷ ᠤ᠋ᠨ ᠳᠠᠭᠤᠨ ᠠ᠋ᠴᠠ ᠴᠤ᠌ ᠠᠶᠤᠮᠰᠢᠭᠲᠠᠢ ᠰᠠᠨᠠᠭᠳᠠᠭᠰᠠᠨ ᠪᠠᠢᠵᠤ ᠮᠡᠳᠡᠬᠦ ᠶᠦᠮ᠃ 
       ᠭᠡᠨᠡᠳᠲᠡ ᠪᠢᠳᠡ ᠰᠠᠭᠤᠳᠠᠯ ᠳᠡᠭᠡᠷ᠎ᠡ ᠪᠡᠨ ᠳᠠᠢᠪᠠᠯᠵᠠᠪᠠ᠃ ᠮᠠᠰᠢᠨ ᠴᠣᠴᠢᠮᠠᠭ ᠮᠤᠷᠤᠢᠵᠤ᠂ ᠮᠠᠰᠢᠨ ᠤ᠋ ᠭᠡᠷᠡᠯ ᠳ᠋ᠦ᠍ ᠰᠢᠷ᠎ᠠ ᠬᠦᠷᠡᠩ ᠥᠩᠭᠡ ᠲᠡᠢ ᠬᠡᠷᠡᠮ ᠬᠠᠷᠠᠭᠳᠠᠨ᠂ ᠥᠳᠬᠡᠨ ᠳᠠᠭᠤ ᠲᠠᠢ ᠨᠣᠬᠠᠢ ᠬᠤᠴᠠᠵᠤ ᠡᠬᠢᠯᠡᠪᠡ᠃ ᠬᠦᠨᠳᠦ ᠲᠣᠮᠣ ᠮᠣᠳᠣᠨ ᠬᠠᠭᠠᠯᠭ᠎ᠠ ᠶ᠋ᠢᠨ ᠡᠮᠦᠨ᠎ᠡ ᠬᠦᠷᠦᠭᠡᠳ ᠮᠠᠰᠢᠨ ᠵᠣᠭᠰᠣᠪᠠ᠃ 
       ᠬᠦᠢᠲᠡᠨ ᠠᠭᠠᠷ ᠴᠢᠷᠠᠢ ᠶ᠋ᠢ ᠤᠳᠠᠲᠠᠯ᠎ᠠ ᠦᠯᠢᠶᠡᠭᠰᠡᠨ ᠡᠴᠡ ᠪᠣᠯᠵᠤ᠂ ᠪᠣᠳᠣᠯ ᠰᠡᠳᠬᠢᠬᠦᠢ ᠴᠦ᠍ ᠴᠠᠷᠴᠠᠭᠰᠠᠨ ᠮᠡᠲᠦ᠃ ᠨᠢᠳᠦ ᠢᠷᠬᠢᠷᠡᠨ ᠡᠪᠡᠳᠦᠨ᠎ᠡ᠃ ᠪᠢ ᠨᠢᠳᠦ ᠪᠡᠨ ᠠᠨᠢᠨ ᠭᠠᠷ ᠢ᠋ᠶ᠋ᠠᠷ ᠢ᠋ᠶ᠋ᠠᠨ ᠬᠦᠢᠲᠡᠨ ᠨᠢᠯᠪᠤᠰᠤ ᠪᠠᠨ ᠠᠷᠴᠢᠪᠠ᠃ 
       ᠥᠪᠧᠷᠬᠧ ᠬᠡᠳᠦᠢᠨ ᠮᠠᠰᠢᠨ ᠠ᠋ᠴᠠ ᠪᠠᠭᠤᠭᠠᠳ ᠬᠠᠭᠠᠯᠭ᠎ᠠ ᠶ᠋ᠢ ᠪᠠᠯᠪᠠᠵᠤ ᠪᠠᠢᠪᠠ ᠃ ᠲᠣᠭᠰᠢᠨ ᠨᠣᠬᠠᠢ ᠶ᠋ᠢᠨ ᠰᠢᠷᠦᠭᠦᠨ ᠬᠤᠴᠠᠯᠲᠠ ᠯᠠ ᠬᠠᠷᠢᠭᠤ ᠪᠠᠷᠢᠵᠤ ᠪᠠᠢᠯ᠎ᠠ᠃ ᠨᠡᠯᠢᠶᠡᠳ ᠤᠳᠠᠭᠰᠠᠨ ᠤ᠋ ᠰᠡᠭᠦᠯᠡᠷ ᠬᠥᠯ ᠦ᠋ᠨ ᠴᠢᠮᠡᠭᠡ ᠣᠢᠷᠠᠳᠴᠤ 《ᠬᠡᠨ ᠪᠣᠢ ?》ᠭᠡᠯ᠎ᠡ᠃ 
       -  ᠨᠠᠢᠵᠠ !  ᠭᠡᠵᠦ ᠥᠪᠧᠷᠬᠧ ᠬᠠᠷᠢᠭᠤᠯᠪᠠ᠃ 
       ᠲᠡᠭᠡᠭᠡᠳ ᠬᠠᠭᠠᠯᠭᠠᠨ ᠤ᠋ ᠣᠨᠢᠰᠣ ᠶ᠋ᠢ ᠨᠡᠭᠡᠭᠡᠬᠦ ᠴᠢᠮᠡᠭᠡ ᠭᠠᠷᠤᠭᠠᠳ ᠬᠦᠨᠳᠦ ᠴᠦ ᠨᠢ ᠨᠡᠭᠡᠭᠡᠭᠳᠡᠨ ᠬᠠᠭᠠᠯᠭ᠎ᠠ ᠣᠩᠭᠣᠢᠪᠠ᠃  ᠬᠦᠷᠢᠶᠡᠨ ᠦ᠌ ᠭᠣᠣᠯ ᠳ᠋ᠠᠬᠢ ᠭᠡᠷ ᠦ᠋ᠨ ᠡᠮᠦᠨ᠎ᠡ ᠢᠷᠢᠨᠴᠢᠨ ᠵᠣᠭᠰᠣᠵᠤ ᠪᠠᠢᠪᠠ᠃ ᠬᠠᠯᠲᠠᠷᠲᠤᠭᠰᠠᠨ ᠳᠡᠭᠦᠵᠢᠩ ᠳ᠋ᠧᠩ ᠦ᠋ᠨ ᠭᠡᠷᠡᠯ ᠳ᠋ᠦ᠍ ᠲᠡᠭᠦᠨ ᠦ᠌ ᠬᠥᠷᠥᠰᠥᠯᠢᠭ ᠬᠦᠷᠡᠩ ᠥᠷᠭᠡᠨ ᠴᠢᠷᠠᠢ ᠨᠢ ᠬᠠᠷᠠᠭᠳᠠᠨ᠎ᠠ᠃ ᠵᠤᠵᠠᠭᠠᠨ ᠵᠣᠪᠬᠢ ᠶ᠋ᠢᠨ ᠳᠣᠣᠷᠠᠬᠢ ᠵᠢᠵᠢᠭᠬᠡᠨ ᠨᠠᠷᠢᠬᠠᠨ ᠨᠢᠳᠦ ᠨᠢ ᠶᠠᠭᠤ ᠪᠣᠯᠪᠠ ᠭᠡᠰᠡᠨ ᠮᠠᠶᠢᠭᠲᠠᠢ ᠨᠠᠭᠠᠰᠢ ᠬᠠᠷᠠᠵᠤ ᠪᠠᠢᠪᠠ᠃ ᠥᠪᠧᠷᠬᠧ ᠲᠡᠭᠦᠨ ᠲᠡᠢ ᠠᠯᠢ ᠡᠷᠲᠡ ᠶ᠋ᠢᠨ ᠲᠠᠨᠢᠯ ᠮᠥᠷᠲᠡᠭᠡᠨ ᠥᠪᠧᠷᠬᠧ ᠶ᠋ᠢᠨ ᠬᠥᠮᠦᠨ ᠲᠠᠯ᠎ᠠ ᠨᠢ ᠴᠦ᠍ ᠰᠠᠢᠨ ᠲᠤᠯᠠ ᠬᠠᠮᠢᠭ᠎ᠠ ᠣᠴᠢᠪᠠᠴᠤ ᠬᠦᠨᠳᠦᠳᠬᠡᠭᠳᠡᠳᠡᠭ ᠠᠵᠢ᠃ 
       ᠢᠷᠢᠨᠴᠢᠨ ( ᠵᠢᠷᠤᠭ 63 ) - ᠡᠨᠡ ᠬᠦ᠌ ᠵᠢᠩᠬᠢᠨᠢ ᠵᠡᠷᠭᠡ ᠬᠡᠷᠬᠡᠮ ᠦᠭᠡᠢ ᠲᠠᠯ᠎ᠠ ᠨᠤᠲᠤᠭ ᠤ᠋ᠨ ᠸᠠᠩ ᠤ᠋ᠨ ᠲᠤᠬᠠᠢ ᠪᠢ ᠣᠯᠠᠨᠲᠠ ᠰᠣᠨᠣᠰᠴᠤ ᠪᠠᠢᠭᠰᠠᠨ ᠪᠣᠯᠪᠠᠴᠤ ᠥᠨᠥᠳᠥᠷ ᠠᠩᠬ᠎ᠠ ᠤᠳᠠᠭ᠎ᠠ ᠠᠭᠤᠯᠵᠠᠵᠤ ᠪᠠᠢᠨ᠎ᠠ᠃ ᠣᠯᠠᠨ ᠵᠢᠯ ᠦ᠋ᠨ ᠲᠤᠷᠰᠢ ᠲᠡᠷᠡ ᠡᠨᠡ ᠣᠷᠴᠢᠮ ᠤ᠋ᠨ ᠴᠠᠭᠳᠠᠭᠠᠨ ᠳᠠᠷᠤᠭ᠎ᠠ ᠶ᠋ᠢᠨ ᠠᠵᠢᠯ ᠬᠢᠵᠦ᠂ ᠥᠪᠡᠷ ᠦ᠋ᠨ ᠴᠡᠷᠢᠭ ᠠᠩᠭᠢ ᠲᠠᠢ ᠪᠠᠨ ᠳᠤᠮᠳᠠᠳᠤ ᠠᠽᠢᠶ᠎ᠠ ᠬᠦᠷᠬᠦ ᠲᠡᠮᠡᠭᠡᠨ ᠵᠢᠩ ᠦ᠋ᠨ ᠵᠠᠮ ᠢ᠋ ᠬᠠᠮᠠᠭᠠᠯᠠᠳᠠᠭ ᠶᠤᠮ᠃ ᠡᠨᠡ ᠠᠵᠢᠯ ᠳ᠋ᠤᠨᠢ ᠭᠦᠢᠬᠤᠸᠠ ᠬᠣᠲᠠ ᠶ᠋ᠢᠨ ᠠᠷᠠᠯᠵᠢᠶᠠᠨ ᠤ᠋ ᠬᠣᠯᠪᠣᠭ᠎ᠠ ᠲᠡᠭᠦᠨ ᠳ᠋ᠦ᠍ ᠵᠢᠯ ᠪᠦᠷᠢ ᠬᠡᠳᠦᠨ ᠲᠦᠮᠡᠨ ᠲᠥᠭᠥᠷᠢᠭ ᠦ᠋ᠨ ᠬᠠᠷᠠᠮᠵᠢ ᠥᠭᠳᠡᠭ ᠪᠠᠢᠨ᠎ᠠ᠃ 
       ᠢᠷᠢᠨᠴᠢᠨ ᠥᠪᠡᠷ ᠦ᠋ᠨ ᠬᠦᠴᠦ ᠪᠡᠷ ᠢ᠋ᠶ᠋ᠡᠨ ᠳᠡᠭᠵᠢᠷᠡᠨ ᠪᠣᠰᠤᠭᠰᠠᠨ ᠶᠤᠮ᠃ ᠲᠡᠭᠦᠨ ᠦ᠌ ᠭᠠᠷᠤᠯ ᠨᠢ ᠴᠦ᠍ ᠪᠠᠰᠠ ᠲᠡᠭᠦᠨ ᠦ᠌ ᠠᠮᠢᠳᠤᠷᠠᠯ ᠢ᠋ ᠰᠢᠭᠤᠳ ᠨᠥᠯᠥᠭᠡᠯᠡᠵᠡᠢ᠃ ᠣᠯᠠᠨ ᠵᠢᠯ ᠦ᠋ᠨ ᠡᠮᠦᠨ᠎ᠡ ᠲᠡᠷᠡ ᠴᠢᠩ ᠭᠦᠷᠦᠨ ᠦ᠌ ᠬᠠᠭᠠᠨ ᠤ᠋ ᠴᠡᠷᠢᠭ ᠠᠩᠭᠢ ᠳ᠋ᠤ᠌ ᠴᠡᠷᠢᠭ ᠪᠣᠯᠵᠤ ᠶᠠᠪᠤᠭᠰᠠᠭᠠᠷ ᠪᠠᠢᠭᠠᠳ ᠬᠠᠭᠠᠨ ᠲᠥᠷᠥ ᠶ᠋ᠢᠨ ᠨᠤᠷᠠᠨ ᠤᠨᠠᠬᠤ ᠶ᠋ᠢ ᠳᠠᠭᠠᠯᠳᠤᠨ ᠬᠢᠳᠡᠯ ᠦᠭᠡᠢ ᠬᠥᠮᠦᠨ ᠪᠣᠯᠵᠠᠢ᠃ ᠬᠢᠲᠠᠳ ᠴᠡᠷᠢᠭ ᠦ᠋ᠨ ᠨᠢᠭᠡ ᠵᠠᠩᠵᠤᠨ ᠲᠡᠭᠦᠨ ᠢ᠋ ᠪᠣᠯᠤᠨ ᠨᠡᠢᠵᠡᠳ ᠢ᠋ ᠨᠢ ᠥᠪᠡᠷ ᠦ᠋ᠨ ᠳᠣᠣᠷ᠎ᠠ ᠪᠠᠨ ᠠᠪᠠᠴᠢᠵᠤ ᠴᠡᠷᠢᠭ ᠪᠣᠯᠭᠠᠨ᠎ᠠ ᠭᠡᠰᠡᠨ ᠪᠣᠯᠪᠠᠴᠤ ᠲᠡᠷᠡ ᠵᠥᠪᠰᠢᠶᠡᠷᠡᠭᠡ ᠦᠭᠡᠢ᠃ ᠲᠡᠷᠡ ᠪᠣᠯ ᠲᠠᠯ᠎ᠠ ᠨᠤᠲᠤᠭ ᠤ᠋ᠨ ᠬᠥᠪᠡᠭᠦᠨ᠂ ᠮᠣᠷᠢᠨ ᠨᠢᠷᠤᠭᠤᠨ ᠳᠡᠭᠡᠷ᠎ᠡ ᠥᠰᠦᠭᠰᠡᠨ ᠬᠥᠮᠦᠨ᠃ ᠴᠡᠷᠢᠭ ᠦ᠋ᠨ ᠬᠣᠷᠢᠶᠠᠨ ᠳ᠋ᠤ᠌ ᠡᠳᠦᠷ ᠲᠤᠵᠢ ᠵᠢᠭᠰᠠᠭᠠᠯ ᠬᠢᠬᠦ ᠨᠢ ᠲᠡᠭᠦᠨ ᠳ᠋ᠦ᠍ ᠠᠪᠴᠤ ᠬᠡᠯᠡᠪᠡᠯ ᠲᠡᠰᠪᠦᠷᠢᠯᠡᠰᠢ ᠦᠭᠡᠢ ᠵᠦᠢᠯ ᠠᠵᠢ᠃ 
       ᠢᠩᠭᠢᠭᠡᠳ ᠬᠡᠳᠦᠨ ᠨᠠᠢᠵᠠ ᠶ᠋ᠢᠨ ᠢ᠋ᠶ᠋ᠡᠨ ᠬᠠᠮᠲᠤ ᠲᠠᠯ᠎ᠠ ᠨᠤᠲᠤᠭ ᠲᠠᠭᠠᠨ ᠦᠯᠡᠳᠡᠵᠦ᠂ ᠥᠪᠡᠷ ᠦ᠋ᠨ ᠬᠥᠷᠥᠩᠭᠡ ᠮᠥᠩᠭᠥ ᠨᠢ ᠪᠠᠷᠠᠭᠳᠠᠬᠤ ᠳ᠋ᠤ᠌ ᠳᠡᠭᠡᠷᠡᠮ ᠪᠣᠯᠵᠤ ᠬᠤᠪᠢᠷᠠᠵᠠᠢ᠃ ᠲᠡᠷᠡ ᠪᠡᠷ ᠶᠡᠬᠡ ᠬᠤᠪᠢᠰᠬᠠᠯ ᠤ᠋ᠨ ᠰᠠᠮᠠᠭᠤᠷᠠᠯ ᠢ᠋ᠶ᠋ᠠᠷ ᠲᠡᠮᠡᠭᠡᠨ ᠵᠢᠩ ᠢ᠋ ᠳᠣᠪᠲᠣᠯᠵᠤ ᠲᠣᠮᠣ ᠠᠷᠠᠯᠵᠢᠶᠠᠴᠢᠳ ᠢ᠋ ᠪᠠᠷᠢᠴᠠᠭᠠᠯᠠᠨ ᠠᠪᠤᠭᠠᠳ᠂ ᠥᠨᠳᠥᠷ ᠵᠣᠯᠢᠶᠠᠨ ᠤ᠋ ᠮᠥᠩᠭᠥ ᠣᠯᠳᠠᠭ ᠪᠠᠢᠪᠠ᠃ ᠲᠡᠢᠨ ᠬᠦ᠌ ᠡᠳᠡᠭᠡᠷ ᠳᠡᠭᠡᠷᠡᠮ ᠦ᠋ᠳ ᠦ᠋ᠨ ᠳᠣᠲᠣᠷ᠎ᠠ ᠲᠡᠭᠦᠨ ᠦ᠌ ᠨᠡᠷ᠎ᠡ ᠬᠦᠨᠳᠦ ᠨᠢ ᠮᠠᠰᠢ ᠲᠦᠷᠭᠡᠨ ᠢ᠋ᠶ᠋ᠡᠷ ᠳᠡᠭᠡᠭᠰᠢᠯᠡᠨ ᠤᠳᠤᠷᠢᠳᠤᠭᠴᠢ ᠨᠢ ᠪᠣᠯᠪᠠ᠃ ᠲᠡᠷᠡ ᠠᠮᠢ ᠨᠠᠰᠤᠨ ᠤ᠋ ᠠᠶᠤᠯ ᠲᠦᠭᠰᠢᠭᠦᠷᠢ ᠶ᠋ᠢ ᠦᠯᠦ ᠬᠠᠢᠬᠤᠷᠤᠨ ᠰᠤᠮᠤᠨ ᠮᠥᠨᠳᠥᠷ ᠢ᠋ᠶ᠋ᠡᠷ ᠰᠢᠷᠭᠤᠯᠠᠨ ᠳᠡᠭᠡᠷᠡᠮᠳᠡᠳᠡᠭ ᠲᠤᠯᠠ ᠲᠡᠭᠦᠨ ᠢ᠋ ᠳᠠᠭᠠᠭᠴᠢ ᠬᠥᠮᠦᠰ ᠡᠳᠦᠷ ᠡᠴᠡ ᠡᠳᠦᠷ ᠣᠯᠠᠰᠢᠷᠠᠨ᠂ ᠢᠷᠢᠨᠴᠢᠨ ᠢᠯᠠᠭᠳᠠᠰᠢ ᠦᠭᠡᠢ ᠭᠡᠮᠡᠨ ᠡᠷᠭᠦᠭᠳᠡᠨ᠂ ᠨᠡᠷ᠎ᠡ ᠰᠦᠷ ᠨᠢ ᠣᠢᠷ᠎ᠠ ᠣᠷᠴᠢᠮ ᠳ᠋ᠠᠭᠠᠨ ᠠᠯᠳᠠᠷᠰᠢᠭᠰᠠᠨ ᠶᠤᠮ᠃ ᠲᠡᠷᠡ ᠳᠠᠭᠠᠭᠰᠠᠳ ᠲᠠᠭᠠᠨ ᠬᠣᠭᠣᠯᠠ ᠤᠮᠳᠠ ᠳᠤᠲᠠᠭᠤᠯᠬᠤ ᠦᠭᠡᠢ᠂ ᠳᠡᠭᠡᠷᠡᠮᠳᠡᠬᠦ ᠪᠣᠯᠭᠠᠨ ᠲᠡᠳᠡᠨ ᠳ᠋ᠡᠭᠡᠨ ᠮᠥᠩᠭᠥ ᠭᠠᠮᠨᠠᠯ ᠦᠭᠡᠢ ᠥᠭᠳᠡᠭ ᠮᠥᠷᠲᠡᠭᠡᠨ ᠥᠯᠥᠰᠴᠦ ᠲᠠᠭᠠᠷᠠᠬᠤ ᠶ᠋ᠢᠨ ᠵᠣᠪᠠᠯᠠᠩ ᠢ᠋ ᠬᠠᠮᠲᠤ ᠲᠤᠭᠤᠯᠳᠠᠭ ᠪᠣᠯᠬᠣᠷ ᠳᠠᠭᠠᠭᠰᠠᠳ ᠨᠢ ᠰᠡᠳᠬᠢᠯ ᠬᠠᠩᠭᠠᠯᠤᠭᠤᠨ ᠪᠠᠢᠳᠠᠭ ᠠᠵᠢ᠃ 
       ᠭᠦᠢᠬᠤᠸᠠ ᠶ᠋ᠢᠨ ᠠᠷᠠᠯᠵᠢᠶᠠᠴᠢᠳ ᠤ᠋ᠨ ᠨᠢᠳᠦᠨ ᠳ᠋ᠦ᠍ ᠠᠪᠴᠤ ᠬᠡᠯᠡᠪᠡᠯ ᠲᠡᠷᠡ ᠪᠣᠯ ᠠᠶᠤᠩᠭ᠎ᠠ᠃ ᠲᠡᠳᠡ ᠳᠤᠮᠳᠠᠳᠤ ᠠᠽᠢᠶ᠎ᠠ ᠲᠠᠢ ᠠᠷᠠᠯᠵᠢᠶ᠎ᠠ ᠪᠠᠨ ᠦᠷᠭᠦᠯᠵᠢᠯᠡᠭᠦᠯᠬᠦ ᠭᠡᠮᠡᠨ ᠰᠠᠨᠠᠳᠠᠭ ᠪᠣᠯᠪᠠᠴᠤ ᠢᠷᠢᠨᠴᠢᠨ ᠲᠡᠳᠡᠨ ᠦ᠌ ᠣᠯᠬᠤ ᠣᠯᠵᠠ ᠶ᠋ᠢ ᠪᠠᠭᠠᠰᠬᠠᠭᠠᠳ ᠯᠠ ᠪᠠᠢᠳᠠᠭ ᠠᠵᠢ᠃ ᠲᠡᠭᠦᠨ ᠲᠡᠢ ᠬᠦᠴᠦ ᠪᠡᠷ ᠲᠡᠮᠡᠴᠡᠭᠡᠳ ᠳᠡᠢᠯᠬᠦ ᠦᠭᠡᠢ ᠪᠡᠨ ᠮᠡᠳᠡᠳᠡᠭ ᠪᠣᠯᠬᠣᠷ ᠡᠳ᠋ ᠮᠥᠩᠭᠥ ᠪᠡᠷ ᠬᠤᠳᠠᠯᠳᠤᠨ ᠠᠪᠤᠭᠠᠳ᠂ ᠢᠷᠢᠨᠴᠢᠨ ᠳᠡᠭᠡᠷᠡᠮᠴᠢᠳ ᠦ᠋ᠨ ᠲᠦᠷᠦᠭᠦᠦ ᠡᠴᠡ ᠪᠡᠨ ᠲᠡᠮᠡᠭᠡᠨ ᠵᠢᠩ ᠦ᠋ᠨ ᠵᠠᠮ ᠬᠠᠮᠠᠭᠠᠯᠠᠭᠴᠢ ᠠᠩᠭᠢ ᠶ᠋ᠢᠨ ᠨᠢᠭᠡ ᠳᠠᠷᠤᠭ᠎ᠠ ᠪᠣᠯᠵᠤ ᠬᠤᠪᠢᠷᠠᠭᠰᠠᠨ ᠪᠠᠢᠨ᠎ᠠ᠃  
       ᠲᠡᠭᠦᠨ ᠦ᠌ ᠳᠠᠭᠠᠭᠰᠠᠳ ᠨᠢ ᠡᠭᠦᠨ ᠡᠴᠡ ᠡᠬᠢᠯᠡᠭᠡᠳ ᠲᠡᠮᠡᠭᠡᠨ ᠵᠢᠩ ᠢ᠋ ᠳᠠᠭᠠᠵᠤ ᠪᠤᠰᠤᠳ ᠳᠡᠭᠡᠷᠡᠮᠴᠢᠳ ᠦ᠋ᠨ ᠳᠠᠭᠠᠷᠢᠯᠲᠠ ᠠ᠋ᠴᠠ ᠬᠠᠮᠠᠭᠠᠯᠠᠳᠠᠭ ᠪᠠᠢᠨ᠎ᠠ᠃ ᠬᠠᠷᠢᠨ ᠡᠨᠡ ᠠᠵᠢᠯ ᠳ᠋ᠤ᠌ ᠶᠠᠮᠠᠷ ᠨᠢᠭᠡᠨ ᠭᠡᠷ᠎ᠡ ᠪᠢᠴᠢᠭ ᠭᠡᠵᠦ ᠬᠡᠷᠡᠭ ᠠᠯᠠᠭ᠎ᠠ᠂ ᠮᠣᠩᠭᠣᠯ ᠬᠥᠮᠦᠨ ᠦ᠌ ᠶᠠᠷᠢᠭᠰᠠᠨ ᠬᠡᠯᠡᠯᠴᠡᠭᠡ ᠪᠤᠶᠤ ᠪᠣᠯᠵᠣᠭ᠎ᠠ ᠨᠢ ᠠᠯᠢ ᠨᠢᠭᠡᠨ ᠴᠠᠭᠠᠰᠤᠨ ᠳᠡᠭᠡᠷ᠎ᠡ ᠪᠢᠴᠢᠭᠰᠡᠨ ᠭᠡᠷ᠎ᠡ ᠪᠢᠴᠢᠭ ᠡᠴᠡ ᠴᠦ᠍ ᠢᠲᠡᠭᠡᠯᠲᠡᠢ ᠪᠠᠢᠳᠠᠭ ᠶᠤᠮ᠃ ᠭᠡᠬᠦ ᠳ᠋ᠦ᠍ ᠤᠳᠠᠯ ᠦᠭᠡᠢ ᠢᠷᠢᠨᠴᠢᠨ ᠳ᠋ᠦ᠍ ᠰᠢᠨ᠎ᠡ ᠳᠠᠢᠰᠤᠨ ᠢᠯᠡᠷᠡᠪᠡ᠃ ᠬᠠᠮᠠᠭᠠᠯᠠᠭᠴᠢ ᠠᠩᠭᠢ ᠶ᠋ᠢᠨ ᠳᠣᠲᠣᠷᠠᠬᠢ ᠪᠤᠰᠤᠳ ᠬᠡᠳᠦᠨ ᠬᠢᠲᠠᠳ ᠳᠠᠷᠤᠭ᠎ᠠ ᠨᠢ ᠡᠨᠡ ᠬᠦ᠌ ᠰᠡᠷᠭᠦᠯᠡᠩ ᠮᠣᠩᠭᠣᠯ ᠳ᠋ᠤ᠌ ᠡᠷᠬᠡ ᠮᠠᠲᠠᠯ ᠢ᠋ᠶ᠋ᠠᠨ ᠪᠤᠯᠢᠶᠠᠭᠳᠠᠴᠢᠬᠠᠯ᠎ᠠ ᠭᠡᠵᠦ ᠬᠣᠷᠣᠰᠴᠠᠭᠠᠵᠤ ᠪᠠᠢᠪᠠ᠃ ᠭᠡᠨᠡᠳᠲᠡ ᠨᠢᠭᠡᠨ ᠡᠳᠦᠷ ᠶᠡᠬᠡ ᠳᠠᠷᠤᠭ᠎ᠠ ᠨᠢ ᠦᠬᠦᠪᠡ᠃ ᠮᠥᠨ ᠰᠥᠨᠢ ᠳ᠋ᠦ᠍ᠨᠢ ᠬᠢᠲᠠᠳ ᠳᠠᠷᠤᠭ᠎ᠠ ᠨᠤᠭᠤᠳ ᠤᠪ ᠬᠤᠤᠪᠢᠯᠳᠤᠯᠭ᠎ᠠ ᠬᠢᠵᠦ ᠢᠷᠢᠨᠴᠢᠨ ᠪᠣᠯᠤᠨ ᠰᠢᠳᠠᠷ ᠳᠠᠭᠠᠭᠰᠠᠳ ᠢ ᠨᠢ ᠤᠰᠠᠳᠬᠠᠬᠤ ᠪᠠᠷ ᠲᠥᠯᠥᠪᠯᠡᠵᠡᠢ᠃ ᠬᠠᠷᠢᠨ ᠬᠣᠶᠠᠷ ᠬᠢᠲᠠᠳ ᠳᠠᠷᠤᠭ᠎ᠠ ᠶ᠋ᠢᠨ ᠶᠠᠷᠢᠯᠴᠠᠭ᠎ᠠ ᠶ᠋ᠢ ᠨᠢᠭᠡ ᠴᠡᠷᠢᠭ ᠣᠯᠵᠤ ᠰᠣᠨᠣᠰᠤᠭᠠᠳ ᠂ ᠮᠣᠩᠭᠣᠯᠴᠤᠳ ᠲᠤ᠌ ᠦᠭᠡ ᠥᠭᠭᠦᠭᠰᠡᠨ ᠡᠴᠡ ᠰᠥᠨᠢ ᠳᠤᠮᠳᠠ ᠶ᠋ᠢᠨ ᠦᠶ᠎ᠡ ᠪᠡᠷ ᠬᠢᠲᠠᠳ ᠤ᠋ᠨ ᠨᠢᠭᠤᠴᠠ ᠠᠵᠢᠯᠯᠠᠭ᠎ᠠ ᠪᠠᠨ ᠡᠬᠢᠯᠡᠭᠦᠯᠬᠦ ᠪᠡᠷ ᠰᠠᠭᠤᠴᠠ ᠠ᠋ᠴᠠ ᠪᠠᠨ ᠰᠠᠯᠬᠤ ᠳ᠋ᠤᠨᠢ ᠰᠤᠮᠤᠨ ᠮᠥᠨᠳᠥᠷ ᠳᠡᠭᠡᠷ᠎ᠡ ᠡᠴᠡ ᠨᠢ ᠪᠠᠭᠤᠵᠠᠢ᠃ 
       ᠲᠡᠮᠡᠴᠡᠯ ᠬᠣᠶᠠᠷ ᠡᠳᠦᠷ ᠲᠤᠷᠰᠢ ᠦᠷᠭᠦᠯᠵᠢᠯᠡᠵᠦ᠂ ᠡᠴᠦᠰ ᠦ᠋ᠨ ᠢᠯᠠᠯᠲᠠ ᠢᠷᠢᠨᠴᠢᠨ ᠦ᠌ ᠬᠢ ᠪᠣᠯᠪᠠ᠃ ᠲᠡᠷᠡ ᠪᠡᠷ ᠶᠡᠬᠡ ᠳᠠᠷᠤᠭ᠎ᠠ ᠶ᠋ᠢᠨ ᠢ᠋ᠶ᠋ᠡᠨ ᠲᠠᠮᠠᠭ᠎ᠠ ᠶ᠋ᠢ ᠠᠪᠴᠤ᠂ ᠳᠦᠭᠦᠷᠲᠡᠯ᠎ᠡ ᠰᠤᠮᠤ ᠳᠠᠷᠤᠭᠰᠠᠨ ᠭᠠᠷ ᠫᠤᠤ ᠪᠠᠨ ᠪᠥᠰᠡᠨ ᠳ᠋ᠡᠭᠡᠨ ᠬᠠᠪᠴᠢᠭᠤᠯᠵᠤ᠂ ᠭᠦᠢᠬᠤᠸᠠ ᠶ᠋ᠢᠨ ᠠᠷᠠᠯᠵᠢᠶᠠᠴᠢᠳ ᠤ᠋ᠨ ᠬᠣᠯᠪᠣᠭᠠᠨ ᠤ᠋ ᠳᠠᠷᠤᠭ᠎ᠠ ᠳᠡᠭᠡᠷ᠎ᠡ ᠬᠦᠷᠦᠭᠡᠳ ᠫᠤᠤ ᠲᠠᠮᠠᠭ᠎ᠠ ᠪᠠᠨ ᠰᠢᠷᠡᠭᠡᠨ ᠳᠡᠭᠡᠷ᠎ᠡ ᠲᠠᠯᠪᠢᠭᠠᠳ : 
       - ᠵᠠ ᠂ ᠪᠢ ᠠᠳᠠ ᠪᠠᠢᠨ᠎ᠠ᠃ ᠲᠠᠮᠠᠭ᠎ᠠ ᠪᠠᠷ ᠨᠢ ᠲᠠ ᠨᠠᠷ ᠨᠠᠮᠠᠶ᠋ᠢ ᠶᠡᠬᠡ ᠳᠠᠷᠤᠭ᠎ᠠ ᠪᠣᠯᠭᠠᠵᠤ ᠪᠣᠯᠤᠨ᠎ᠠ᠂ ᠫᠤᠤ ᠪᠠᠷ ᠨᠢ ᠨᠠᠮᠠᠶ᠋ᠢ ᠫᠤᠤᠳᠠᠵᠤ ᠪᠣᠯᠤᠨ᠎ᠠ ᠭᠡᠵᠡᠢ᠃ 
       ᠲᠡᠭᠦᠨ ᠡᠴᠡ ᠬᠣᠢᠰᠢ ᠢᠷᠢᠨᠴᠢᠨ ᠨᠢᠭᠡᠨᠲᠡ ᠬᠡᠴᠢᠨᠡᠭᠡᠨ ᠵᠢᠯ ᠦ᠋ᠨ ᠲᠤᠷᠰᠢ ᠴᠤᠤ ᠬᠤ᠌ ᠶ᠋ᠢᠨ ᠵᠢᠵᠢᠭ ᠴᠠᠢᠵᠠ ᠶ᠋ᠢᠨ ᠶᠡᠬᠡ ᠳᠠᠷᠤᠭ᠎ᠠ ᠶ᠋ᠢᠨ ᠠᠵᠢᠯ ᠢ᠋ ᠬᠢᠭᠰᠡᠭᠡᠷ ᠢᠷᠡᠪᠡ᠃ ᠳᠡᠭᠡᠷ᠎ᠡ ᠡᠴᠡ ᠴᠠᠯᠢᠩ ᠵᠠᠷᠤᠳᠠᠯ ᠢ᠋ ᠨᠢ ᠴᠠᠭ ᠲᠤᠨᠢ ᠬᠦᠷᠭᠡᠨ ᠢᠷᠡᠵᠦ᠂ ᠲᠡᠭᠦᠨ ᠦ᠌ ᠮᠠᠯ ᠰᠦᠷᠦᠭ ᠨᠢ ᠵᠢᠯ ᠡᠴᠡ ᠵᠢᠯ ᠣᠯᠠᠨ ᠪᠣᠯᠵᠠᠢ᠃ ᠲᠡᠷᠡ ᠣᠳᠣ ᠵᠢᠷᠭᠤᠭᠠᠨ ᠵᠠᠭᠤᠨ ᠠᠳᠤᠭᠤ᠂ ᠮᠢᠩᠭ᠎ᠠ ᠰᠢᠬᠠᠮ ᠲᠡᠮᠡᠭᠡ ᠲᠡᠢ ᠪᠥᠭᠡᠳ ᠲᠡᠮᠡᠭᠡᠨ ᠵᠢᠩ ᠦ᠋ᠨ ᠵᠠᠮ ᠳᠠᠭᠠᠤ ᠣᠷᠣᠰᠢᠬᠤ ᠬᠢᠲᠠᠳ ᠮᠠᠢᠮᠠᠢ ᠶ᠋ᠢᠨ ᠳᠣᠲᠣᠷ᠎ᠠ ᠪᠠᠰᠠ ᠲᠡᠭᠦᠨ ᠦ᠌ ᠮᠥᠩᠭᠥᠨ ᠲᠥᠭᠥᠷᠢᠭ ᠡᠷᠭᠢᠯᠳᠦᠵᠦ ᠪᠠᠢᠳᠠᠭ ᠶᠤᠮ᠃ 
       ᠠᠷᠪᠠᠨ ᠵᠢᠯ ᠦ᠋ᠨ ᠡᠮᠦᠨ᠎ᠡ ᠲᠡᠷᠡ ᠣᠢᠷ᠎ᠠ ᠣᠷᠴᠢᠮ ᠤ᠋ᠨ ᠬᠠᠮᠤᠭ ᠤ᠋ᠨ ᠭᠣᠶᠣ ᠬᠡᠦᠬᠡᠨ ᠪᠣᠯᠬᠤ ᠳᠤᠯᠮ᠎ᠠ (ᠵᠢᠷᠤᠭ 62 ) ᠢ᠋ ᠪᠠᠭᠤᠯᠭᠠᠨ ᠠᠪᠴᠠᠢ ᠃ ᠳᠤᠯᠮ᠎ᠠ ᠶ᠋ᠢᠨ ᠬᠣᠨᠢᠨ ᠰᠦᠷᠦᠭ ᠨᠢ ᠴᠦ᠍ ᠥᠨᠢᠷ ᠥᠰᠴᠦ ᠂ ᠲᠡᠭᠦᠨ ᠦ᠌ ᠥᠪᠡᠷ ᠦ᠋ᠨ ᠬᠢᠨᠢ ᠶᠠᠷᠢᠬᠤ ᠪᠠᠷ ᠪᠠᠷᠤᠭ ᠲᠦᠮᠡᠨ ᠬᠣᠨᠢ ᠲᠠᠢ ᠪᠣᠯᠵᠤ ᠭᠡᠨ᠎ᠡ ᠃ ᠢᠩᠭᠢᠭᠡᠳ ᠢᠷᠢᠨᠴᠢᠨ ᠬᠣᠯᠠ ᠣᠢᠷ᠎ᠠ ᠳ᠋ᠤ᠌ ᠠᠯᠳᠠᠷᠰᠢᠭᠰᠠᠨ ᠨᠡᠷ᠎ᠡ ᠬᠦᠨᠳᠦᠲᠡᠢ ᠬᠥᠮᠦᠨ ᠪᠣᠯᠵᠤ ᠂ ᠲᠡᠭᠦᠨ ᠦ᠌ ᠭᠤᠷᠪᠠᠨ ᠨᠠᠰᠤ ᠪᠠ ᠲᠠᠪᠤᠨ ᠨᠠᠰᠤ ᠲᠠᠢ ᠬᠣᠶᠠᠷ ᠬᠦᠦ ᠲᠣᠬᠣᠮ ᠪᠣᠯᠤᠨ ᠶᠦᠩᠷᠦᠪ ( ᠵᠢᠷᠤᠭ 65 ) ᠨᠢ ᠨᠢᠭᠡᠨᠲᠡ ᠮᠣᠷᠢ ᠲᠡᠮᠡᠭᠡᠨ ᠳ᠋ᠦ᠍ ᠲᠡᠰᠴᠦ ᠡᠬᠢᠯᠡᠯ᠎ᠡ᠃ 
       ᠪᠢ ᠲᠡᠳᠡᠨ ᠦ᠌ ᠬᠦᠷᠢᠶᠡᠨ ᠳ᠋ᠦ᠍ ᠪᠠᠢᠰᠢᠩ ᠤᠷᠤᠭᠤ ᠠᠯᠬᠤᠯᠠᠵᠤ ᠪᠠᠢᠬᠤ ᠳ᠋ᠠᠭᠠᠨ ᠡᠨᠡ ᠪᠦᠭᠦᠳᠡ ᠶ᠋ᠢ ᠡᠷᠭᠢᠴᠡᠭᠦᠯᠵᠦ ᠠᠮᠵᠢᠪᠠ᠃ ᠢᠷᠢᠨᠴᠢᠨ ᠪᠢᠳᠡᠨ ᠢ᠋ ᠬᠠᠭᠠᠯᠭᠠᠨ ᠤ᠋ ᠡᠰᠡᠷᠭᠦ ᠳ᠋ᠦ᠍ ᠪᠠᠢᠷᠢᠯᠠᠬᠤ ᠵᠣᠴᠢᠨ ᠤ᠋ ᠪᠠᠢᠰᠢᠩ ᠳ᠋ᠤ᠌ ᠵᠠᠯᠠᠨ ᠣᠷᠣᠭᠤᠯᠤᠭᠠᠳ᠂ ᠮᠣᠩᠭᠣᠯ ᠭᠡᠷ ᠬᠦᠢᠲᠡᠨ ᠪᠠᠢᠬ᠎ᠠ ᠳᠠ ᠭᠡᠵᠦ ᠪᠢᠳᠡᠨ ᠡᠴᠡ ᠠᠭᠤᠴᠢᠯᠠᠯ ᠬᠦᠰᠡᠨ ᠶᠠᠷᠢᠪᠠ᠃ ᠲᠡᠷᠡ ᠵᠠᠷᠤᠴᠠ ᠪᠠᠷ ᠬᠠᠯᠠᠭᠤᠨ ᠬᠠᠨᠵᠤᠨ ᠳ᠋ᠤ᠌ ᠳᠡᠪᠢᠰᠬᠦ ᠢᠰᠡᠭᠡᠢ ᠠᠪᠴᠢᠷᠠᠭᠤᠯᠤᠨ ᠪᠢᠳᠡᠨ ᠢ᠋ ᠰᠠᠭᠤᠯᠭᠠᠭᠠᠳ᠂ ᠬᠠᠮᠢᠭ᠎ᠠ ᠠ᠋ᠴᠠ ᠢᠷᠡᠵᠦ ᠶᠠᠪᠤᠭ᠎ᠠ ᠵᠢᠴᠢ ᠬᠠᠮᠢᠭᠠᠰᠢ ᠣᠳᠬᠤ ᠭᠡᠵᠦ ᠪᠠᠢᠭ᠎ᠠ ᠶ᠋ᠢ ᠠᠰᠠᠭᠤᠯ᠎ᠠ᠃ 

       ᠤᠳᠠᠯ ᠦᠭᠡᠢ ᠳᠤᠯᠮ᠎ᠠ ᠥᠷᠥᠭᠡᠨ ᠳ᠋ᠦ᠍ ᠣᠷᠣᠵᠤ ᠢᠷᠡᠯ᠎ᠡ᠃ ᠲᠣᠯᠣᠭᠠᠢ ᠶ᠋ᠢᠨ ᠮᠥᠩᠭᠥᠨ ᠵᠠᠰᠠᠯ ᠨᠢ ᠲᠡᠭᠦᠨ ᠦ᠌ ᠭᠢᠯᠠᠯᠵᠠᠭᠰᠠᠨ ᠬᠠᠷ᠎ᠠ ᠭᠡᠵᠢᠭᠡ ᠶ᠋ᠢ ᠳᠠᠷᠤᠵᠠᠢ᠃ ᠲᠡᠷᠡ ᠶᠣᠰᠣᠷᠬᠠᠭ ᠢ᠋ᠶ᠋ᠠᠷ ᠢᠨᠢᠶᠡᠮᠰᠦᠭᠯᠡᠭᠡᠳ ᠪᠤᠴᠠᠯᠤᠭᠰᠠᠨ ᠤᠰᠤ ᠶ᠋ᠢ ᠠᠪᠴᠤ ᠴᠠᠢ ᠶ᠋ᠢᠨ ᠳᠡᠪᠦᠷ᠎ᠡ ᠳ᠋ᠦ᠍ ᠶᠡᠭᠦᠯᠡᠨ᠂ ᠠᠶᠠᠭ᠎ᠠ ᠲᠠᠢ ᠬᠠᠮᠲᠤ ᠬᠠᠨᠵᠤᠨ ᠰᠢᠷᠡᠭᠡᠨ ᠳᠡᠭᠡᠷ᠎ᠡ ᠲᠠᠯᠪᠢᠭᠠᠳ ᠬᠠᠢᠷᠴᠠᠭ ᠲᠠᠢ ᠰᠢᠬᠢᠷ ᠵᠢᠴᠢ ᠬᠠᠲᠠᠭᠠᠭᠰᠠᠨ ᠵᠢᠮᠢᠰ ᠠᠪᠴᠢᠷᠠᠨ ᠲᠠᠯᠪᠢᠪᠠ᠃ ᠪᠦᠬᠦ ᠬᠥᠳᠡᠯᠦᠯ ᠪᠠᠷᠢᠯ ᠨᠢ ᠶᠠᠭᠠᠷᠠᠵᠤ ᠰᠠᠨᠳᠤᠷᠤᠯ ᠦᠭᠡᠢ ᠲᠠᠯᠪᠢᠭᠤᠬᠠᠨ ᠠᠶᠠᠲᠠᠢ ᠪᠠᠢᠵᠤ᠂ ᠬᠥᠮᠦᠨ ᠪᠦᠷᠢ ᠳ᠋ᠦ᠍ ᠴᠠᠢ ᠪᠠᠨ ᠠᠶᠠᠭᠠᠯᠠᠵᠤ ᠳᠠᠭᠤᠰᠤᠭᠠᠳ᠂ ᠢᠷᠢᠨᠴᠢᠨ ᠦ᠌ ᠬᠠᠵᠠᠭᠤ ᠳ᠋ᠤ᠌ ᠬᠦᠷᠴᠦ ᠰᠠᠭᠤᠪᠠ᠃ ᠭᠡᠬᠦ ᠳ᠋ᠦ᠍ ᠪᠢᠳᠡᠨ ᠦ᠌ ᠶᠠᠷᠢᠯᠴᠠᠭᠠᠨ ᠳ᠋ᠤ᠌ ᠶᠡᠷᠦ ᠡᠴᠡ ᠦᠭᠡ ᠲᠥᠷᠥᠨ ᠣᠷᠣᠯᠴᠠᠬᠤ ᠦᠭᠡᠢ ᠪᠠᠢᠯ᠎ᠠ᠃ ᠵᠢᠵᠢᠭᠬᠡᠨ ᠲᠣᠰᠣᠨ ᠳ᠋ᠧᠩ ᠦ᠋ᠨ ᠭᠡᠷᠡᠯ ᠳᠣᠣᠷ᠎ᠠ ᠪᠢ ᠲᠡᠭᠦᠨ ᠦ᠌ ᠴᠢᠷᠠᠢ ᠶ᠋ᠢ ᠠᠵᠢᠭᠯᠠᠪᠠ᠃ ᠲᠡᠷᠡ ᠣᠳᠣ ᠴᠤ᠌ ᠭᠡᠰᠡᠨ ᠭᠤᠸ᠎ᠠ ᠦᠵᠡᠰᠬᠦᠯᠡᠩ ᠢ᠋ᠶ᠋ᠡᠷ ᠢ᠋ᠶ᠋ᠡᠨ ᠪᠠᠢᠭᠰᠠᠭᠠᠷ᠃ ᠲᠡᠷᠡ ᠪᠣᠯ ᠲᠠᠯ᠎ᠠ ᠨᠤᠲᠤᠭ ᠳᠡᠭᠡᠷ᠎ᠡ ᠮᠢᠨᠦ ᠬᠠᠷᠠᠭᠰᠠᠨ ᠬᠠᠮᠤᠭ ᠤ᠋ᠨ ᠭᠤᠸ᠎ᠠ ᠦᠵᠡᠰᠬᠦᠯᠡᠩ ᠮᠣᠩᠭᠣᠯ ᠪᠦᠰᠡᠭᠦᠢ ᠶᠤᠮ᠃ ᠲᠡᠭᠦᠨ ᠦ᠌ ᠲᠣᠷᠮᠣᠯᠵᠠᠭᠰᠠᠨ ᠬᠠᠷ᠎ᠠ ᠨᠢᠳᠦ᠂ ᠲᠤᠩᠭᠠᠯᠠᠭ ᠰᠠᠢᠬᠠᠨ ᠬᠠᠷᠠᠴᠠ ᠨᠢ ᠰᠡᠳᠬᠢᠯ ᠳ᠋ᠦ᠍ ᠮᠢᠨᠢ ᠮᠠᠷᠲᠠᠭᠳᠠᠰᠢ ᠦᠭᠡᠢ ᠰᠠᠭᠤᠭᠳᠠᠭᠰᠠᠨ ᠪᠢᠯᠡ᠃ ᠨᠠᠷᠠᠨ ᠳ᠋ᠤ᠌ ᠪᠣᠷᠣᠯᠠᠭᠰᠠᠨ ᠬᠠᠴᠠᠷ ᠤ᠋ᠨ ᠴᠠᠭᠠᠨ᠎ᠠ ᠠ᠋ᠴᠠ ᠨᠢ ᠡᠷᠡᠭᠦᠯ ᠴᠢᠭᠢᠷᠠᠭ ᠪᠠᠢᠭ᠎ᠠ ᠥᠩᠭᠡ ᠭᠢᠯᠠᠯᠵᠠᠨ ᠬᠠᠷᠠᠭᠳᠠᠵᠤ ᠪᠠᠢᠪᠠ᠃ (ᠵᠢᠷᠤᠭ 64) 
       -  ᠴᠠᠭ ᠮᠠᠭᠤᠳᠠᠵᠠᠢ᠃ ᠬᠣᠶᠠᠷ ᠵᠠᠭᠤᠨ ᠲᠡᠮᠡᠭᠡ ᠮᠢᠨᠢ ᠭᠤᠷᠪᠠᠨ ᠰᠠᠷ᠎ᠠ ᠶ᠋ᠢᠨ ᠬᠣᠭᠣᠷᠣᠨᠳᠣ ᠦᠬᠦᠵᠦ ᠰᠦᠢᠳᠪᠡ᠃ ᠪᠠᠰᠠ ᠬᠡᠳᠦᠢ ᠲᠡᠮᠡᠭᠡ ᠡᠨᠡ ᠡᠪᠡᠳᠴᠢᠨ ᠳ᠋ᠦ᠍ ᠬᠠᠯᠳᠠᠪᠤᠷᠢᠯᠠᠭᠳᠠᠭᠰᠠᠨ ᠢ᠋ ᠬᠡᠨ ᠮᠡᠳᠡᠨ᠎ᠡ ᠳᠠ ? ᠲᠡᠮᠡᠭᠡᠨ ᠵᠢᠩ ᠦ᠋ᠳ ᠨᠢᠭᠡᠨᠲᠡ ᠵᠣᠭᠰᠣᠪᠠ᠃ ᠣᠷᠣᠰ ᠤ᠋ᠳ ᠲᠦᠷᠺᠰᠲ᠋ᠠᠨ᠂ ᠠᠷᠤ ᠮᠣᠩᠭᠣᠯ ᠤ᠋ᠨ ᠠᠷᠠᠯᠵᠢᠶ᠎ᠠ ᠶ᠋ᠢ ᠴᠠᠭᠠᠰᠢ ᠨᠢ ᠲᠡᠳᠡᠨ ᠠᠪᠠᠴᠢᠭᠰᠠᠨ ᠲᠤᠯᠠ ᠠᠷᠠᠯᠵᠢᠶᠠᠴᠢᠳ ᠤ᠋ᠨ ᠬᠣᠯᠪᠣᠭ᠎ᠠ ᠴᠤ᠌ ᠮᠥᠩᠭᠥ ᠴᠠᠯᠢᠩ ᠢ᠋ᠶ᠋ᠠᠨ ᠥᠭᠬᠦ ᠪᠡᠨ ᠨᠢᠭᠡᠨᠲᠡ ᠪᠣᠯᠢᠵᠠᠢ ᠭᠡᠮᠡᠨ ᠢᠷᠢᠨᠴᠢᠨ ᠵᠣᠪᠠᠯᠠᠩ ᠢ᠋ᠶ᠋ᠠᠨ ᠲᠣᠭᠠᠴᠢᠯ᠎ᠠ᠃ 
       ᠲᠠᠪᠤᠨ ᠨᠠᠰᠤ ᠲᠠᠢ ᠶᠦᠩᠷᠦᠪ ᠡᠭᠦᠳᠡ ᠪᠡᠷ ᠣᠷᠣᠵᠤ ᠢᠷᠡᠭᠡᠳ᠂ ᠢᠴᠢᠭᠰᠡᠨ ᠮᠥᠷᠲᠡᠭᠡᠨ ᠰᠣᠨᠢᠷᠬᠠᠭᠰᠠᠨ ᠪᠠᠢᠳᠠᠯ ᠲᠠᠢ ᠠᠪᠤ ᠶ᠋ᠢᠨ ᠢ᠋ᠶ᠋ᠡᠨ ᠵᠣᠴᠢᠳ ᠢ᠋ ᠠᠵᠢᠭᠯᠠᠨ ᠬᠠᠷᠠᠪᠠ᠃ ᠡᠵᠢ ᠨᠢ ᠢᠨᠢᠶᠡᠮᠰᠦᠭᠯᠡᠵᠦ ᠴᠢᠬᠢᠨ ᠳ᠋ᠦ᠍ᠨᠢ ᠶᠠᠭᠤ ᠨᠢᠭᠡ ᠶ᠋ᠢ ᠰᠢᠪᠡᠨᠡᠬᠦ ᠳ᠋ᠦ᠍ ᠥᠪᠧᠷᠬᠧ ᠶ᠋ᠢᠨ ᠵᠦᠭ ᠠᠯᠬᠤᠨ ᠬᠦᠷᠦᠯ᠎ᠡ᠃ ᠲᠡᠷᠡ ᠬᠣᠶᠠᠷ ᠶᠡᠬᠡ ᠤᠳᠠᠭᠠᠨ ᠬᠠᠮᠠᠷ ᠢ᠋ᠶ᠋ᠠᠨ ᠱᠦᠷᠭᠦᠭᠡᠯᠴᠡᠭᠰᠡᠨ ᠨᠢ ᠳᠠᠬᠢᠨ ᠠᠭᠤᠯᠵᠠᠵᠤ ᠪᠠᠢᠭ᠎ᠠ ᠶ᠋ᠢᠨ ᠥᠷᠥᠨᠡᠳᠠᠬᠢᠨ ᠤ᠋ ᠮᠡᠨᠳᠦᠴᠢᠯᠡᠯ ᠠᠵᠢ᠃ ᠢᠷᠢᠨᠴᠢᠨ ᠦᠷᠭᠦᠯᠵᠢᠯᠡᠨ ᠶᠠᠷᠢᠭᠰᠠᠭᠠᠷ ᠯᠠ ᠪᠠᠢᠪᠠ᠃ 
       - ᠬᠢᠲᠠᠳ ᠳᠡᠭᠡᠷᠡᠮᠴᠢᠳ ᠬᠡᠳᠦ ᠬᠣᠨᠣᠭ ᠤ᠋ᠨ ᠡᠮᠦᠨ᠎ᠡ ᠬᠣᠶᠠᠷ ᠵᠠᠭᠤ ᠭᠠᠷᠤᠢ ᠠᠳᠤᠭᠤ ᠲᠠᠢ ᠰᠦᠷᠦᠭ ᠢ᠋ ᠮᠠᠨᠢ ᠬᠤᠯᠠᠭᠠᠢᠯᠠᠨ᠎ᠠ ᠭᠡᠮᠡᠨ ᠣᠷᠣᠯᠳᠣᠭᠠᠳ ᠳᠡᠢᠯᠦᠭᠰᠡᠨ ᠦᠭᠡᠢ᠃ ᠲᠡᠳᠡᠨ ᠡᠴᠡ ᠬᠣᠶᠠᠷ ᠨᠢ ᠴᠢᠰᠤ ᠪᠠᠨ ᠡᠯᠡᠰᠦᠨ ᠳ᠋ᠦ᠍ ᠬᠣᠯᠢᠭᠠᠳ ᠦᠬᠦᠳᠡᠯ ᠪᠣᠯᠵᠤ᠂ ᠦᠯᠡᠳᠡᠭᠰᠡᠨ ᠬᠣᠷᠢᠭᠠᠳ ᠨᠢ ᠵᠢᠭᠤᠲᠠᠨ ᠣᠳᠪᠠ᠃ ᠣᠷᠴᠢᠮ ᠳ᠋ᠤ᠌ ᠶᠡᠬᠡ ᠮᠠᠭᠤ ᠪᠣᠯᠤᠯ᠎ᠠ᠂ ᠳᠤᠯᠮ᠎ᠠ ᠶ᠋ᠢᠨ ᠬᠣᠨᠢ ᠴᠤ᠌ ᠪᠠᠰᠠ ᠶᠡᠬᠡ ᠣᠯᠠᠨ ᠦᠬᠦᠵᠦ ᠰᠦᠢᠳᠴᠦ ᠪᠣᠢ ᠭᠡᠵᠦ ᠴᠠᠭ ᠮᠠᠭᠤ ᠶ᠋ᠢᠨ ᠲᠤᠬᠠᠢ ᠶᠠᠷᠢᠬᠤ ᠪᠠᠷ ᠨᠢ ᠳᠤᠯᠮ᠎ᠠ ᠲᠠᠢᠪᠤᠰᠢᠷᠠᠭᠤᠯᠵᠤ: 
       - ᠤᠳᠠᠯ ᠦᠭᠡᠢ ᠬᠠᠪᠤᠷ ᠪᠣᠯᠪᠠᠯ ᠪᠢᠳᠡ ᠨᠡᠭᠦᠳᠡᠯᠯᠡᠨ᠎ᠡ ᠰᠢᠦ᠃ ᠲᠡᠭᠡᠭᠡᠳ ᠰᠢᠨ᠎ᠡ ᠰᠣᠷᠭᠣᠭ ᠪᠡᠯᠴᠢᠭᠡᠷ ᠲᠦ᠍ ᠲᠡᠮᠡᠭᠡ ᠬᠣᠨᠢ ᠴᠤ᠌ ᠵᠦᠭᠡᠷ ᠪᠣᠯᠤᠨ᠎ᠠ ᠭᠡᠵᠦ ᠢᠲᠡᠭᠡᠯ ᠳᠦᠭᠦᠷᠡᠩ ᠶᠠᠷᠢᠯ᠎ᠠ᠃ ᠳᠠᠷᠠᠭ᠎ᠠ ᠨᠢ ᠪᠢᠳᠡᠨ ᠳ᠋ᠦ᠍ ᠲᠡᠷᠡ ᠠᠬᠢᠨ ᠴᠠᠢ ᠪᠠᠨ ᠨᠡᠮᠡᠨ ᠠᠶᠠᠭᠠᠯᠠᠵᠤ ᠪᠠᠷᠠᠭᠠᠳ᠂ ᠵᠠᠷᠤᠴᠠ ᠰᠠᠨᠳᠠᠮ᠎ᠠ ᠪᠠᠨ ᠲᠠᠭᠤᠲᠠᠯ᠎ᠠ᠃ 
       -  ᠴᠢ ᠨᠢᠭᠡ ᠬᠣᠨᠢ ᠭᠠᠷᠭᠠᠭᠠᠳ ᠵᠣᠴᠢᠳ ᠲᠤ᠌ ᠬᠣᠭᠣᠯᠠ ᠪᠡᠯᠡᠳᠬᠡᠭᠡᠷᠡᠢ ᠭᠡᠵᠦ ᠲᠤᠰᠢᠶᠠᠪᠠ᠃ ᠰᠠᠨᠳᠠᠮ᠎ᠠ (ᠵᠢᠷᠤᠭ 66)ᠡᠳᠡᠨ ᠦ᠌ ᠭᠡᠷ ᠪᠦᠯᠢ ᠳ᠋ᠦ᠍ ᠬᠠᠷᠢᠶᠠᠯᠠᠭᠳᠠᠬᠤ ᠪᠥᠭᠡᠳ ᠠᠯᠢ ᠡᠷᠲᠡ ᠬᠡᠦᠬᠡᠳ ᠪᠠᠯᠴᠢᠷ ᠦᠶ᠎ᠡ ᠡᠴᠡ ᠪᠡᠨ ᠳᠤᠯᠮ᠎ᠠ ᠶ᠋ᠢᠨ ᠳ᠋ᠦ᠍ ᠪᠠᠢᠭᠰᠠᠨ ᠶᠤᠮ᠃ ᠲᠡᠷᠡ ᠦᠶ᠎ᠡ ᠳ᠋ᠦ᠍ ᠲᠡᠭᠦᠨ ᠦ᠌ ᠠᠪᠤ ᠨᠢ ᠳᠠᠢᠰᠤᠨ ᠤ᠋ ᠰᠤᠮᠤᠨ ᠳ᠋ᠤ᠌  ᠥᠷᠲᠥᠵᠦ ᠦᠷᠡᠭᠳᠡᠭᠡᠳ᠂ ᠡᠵᠢ ᠨᠢ ᠴᠦ᠍ ᠬᠣᠢᠨ᠎ᠠ ᠠ᠋ᠴᠠ ᠨᠢ ᠤᠳᠠᠭᠠᠨ ᠵᠢᠯ ᠦ᠋ᠨ ᠡᠪᠡᠳᠴᠢᠨ ᠢ᠋ᠶ᠋ᠡᠷ ᠪᠤᠷᠬᠠᠨ ᠤ᠋ ᠣᠷᠣᠨ ᠳ᠋ᠤ᠌ ᠮᠣᠷᠳᠠᠵᠠᠢ᠃ ᠳᠤᠯᠮ᠎ᠠ ᠶ᠋ᠢ ᠮᠣᠷᠳᠠᠬᠤ ᠦᠶ᠎ᠡ ᠳ᠋ᠦ᠍ ᠳᠠᠭᠠᠨ ᠢᠷᠡᠵᠦ ᠢᠨᠵᠢ ᠪᠣᠯᠤᠭᠠᠳ᠂ ᠣᠳᠣ ᠨᠢᠭᠡᠨᠲᠡ ᠠᠷᠪᠠᠨ ᠵᠢᠷᠭᠤᠭᠠᠨ ᠨᠠᠰᠤᠯᠠᠵᠤ ᠤᠷᠤᠭᠯᠠᠬᠤ ᠨᠠᠰᠤᠨ ᠳ᠋ᠤ᠌ ᠬᠦᠷᠦᠭᠰᠡᠨ ᠠᠵᠢ᠃ ᠲᠡᠭᠦᠨ ᠦ᠌ ᠭᠣᠶᠣ ᠦᠵᠡᠰᠬᠦᠯᠡᠩ ᠳᠤᠲᠠᠮᠠᠭ ᠪᠠᠢᠬᠤ ᠪᠠ ᠢᠨᠢᠶᠡᠬᠦ ᠳ᠋ᠦ᠍ ᠵᠣᠪᠬᠢᠨ ᠤ᠋ ᠬᠢᠨᠢ ᠠᠲᠤᠷᠢᠶ᠎ᠠ ᠨᠡᠮᠡᠭᠳᠡᠬᠦ ᠨᠢ ᠨᠢᠳᠦᠨ ᠳ᠋ᠦ᠍ ᠢᠯᠡᠬᠡᠨ ᠲᠣᠰᠴᠤ ᠪᠠᠢᠯ᠎ᠠ᠃ ᠵᠠᠷᠢᠮ ᠵᠠᠯᠠᠭᠤᠴᠤᠳ ᠲᠡᠭᠦᠨ ᠢ᠋ ᠭᠣᠬᠠᠳᠠᠬᠤ ᠭᠡᠮᠡᠨ ᠣᠷᠣᠯᠳᠣᠳᠠᠭ ᠪᠣᠯᠪᠠᠴᠤ ᠲᠡᠷᠡ ᠴᠡᠷᠢᠭ ᠦ᠋ᠨ ᠨᠢᠭᠡ ᠳᠠᠷᠤᠭ᠎ᠠ ᠲᠠᠢ ᠬᠠᠪᠤᠷ ᠬᠤᠷᠢᠮᠯᠠᠬᠤ ᠪᠠᠷ ᠲᠣᠭᠲᠠᠭᠠᠳ ᠪᠠᠢᠭ᠎ᠠ ᠶᠤᠮ ᠭᠡᠨ᠎ᠡ᠃ ᠡᠨᠡ ᠬᠦ᠌ ᠴᠡᠷᠢᠭ ᠦ᠋ᠨ ᠳᠠᠷᠤᠭ᠎ᠠ ᠨᠢ ᠣᠳᠣ ᠬᠠᠮᠤᠭ ᠤ᠋ᠨ ᠰᠡᠭᠦᠯᠴᠢ ᠶ᠋ᠢᠨ ᠲᠡᠮᠡᠭᠡᠨ ᠵᠢᠩ ᠢ᠋  ᠳᠠᠭᠠᠨ ᠲᠦᠷᠺᠰᠲ᠋ᠠᠨ ᠳ᠋ᠤ᠌ ᠬᠠᠭᠠᠰ ᠵᠢᠯ ᠦ᠋ᠨ ᠬᠤᠭᠤᠴᠠᠭ᠎ᠠ ᠪᠠᠷ ᠶᠠᠪᠤᠭᠰᠠᠨ ᠪᠠᠢᠨ᠎ᠠ᠃ 
       ᠪᠢᠳᠡᠨ ᠦ᠌ ᠣᠷᠣ ᠶ᠋ᠢ ᠬᠠᠨᠵᠤᠨ ᠳᠡᠭᠡᠷ᠎ᠡ ᠵᠠᠰᠠᠪᠠ᠃ ᠳᠤᠯᠮ᠎ᠠ ᠣᠯᠠᠨ ᠤᠳᠠᠭ᠎ᠠ ᠤᠰᠤ ᠪᠤᠴᠠᠯᠭᠠᠨ ᠰᠠᠨᠳᠠᠮ᠎ᠠ ᠤᠷᠤᠭᠤ ᠢᠯᠡᠭᠡᠭᠰᠡᠨ ᠪᠥᠭᠡᠳ ᠬᠠᠮᠤᠭ ᠤ᠋ᠨ ᠰᠡᠭᠦᠯ ᠳ᠋ᠦ᠍ᠨᠢ ᠬᠢᠰᠠ ᠳ᠋ᠤ᠌ ᠭᠠᠷ ᠢ᠋ᠶ᠋ᠠᠷ ᠢ᠋ᠶ᠋ᠠᠨ ᠨᠢᠭᠡ ᠪᠢᠲᠡᠭᠦᠦ ᠲᠡᠮᠡᠭᠡᠨ ᠬᠣᠷᠭᠣᠯ ᠨᠡᠮᠡᠭᠡᠳ ᠮᠣᠩᠭᠣᠯ ᠭᠡᠷ ᠲᠡᠭᠡᠨ ᠪᠤᠴᠠᠪᠠ᠃ ᠢᠷᠢᠨᠴᠢᠨ ᠴᠦ᠍ ᠳᠠᠭᠠᠵᠤ ᠭᠠᠷᠤᠭᠠᠳ᠂ ᠳᠡᠮᠡᠢ ᠤᠳᠠᠯ ᠦᠭᠡᠢ ᠬᠤᠷᠬᠢᠷᠠᠬᠤ ᠳᠠᠭᠤᠨ ᠨᠢ ᠬᠦᠷᠢᠶᠡᠨ ᠡᠴᠡ ᠰᠣᠨᠣᠰᠳᠠᠨ ᠡᠬᠢᠯᠡᠯ᠎ᠡ᠃ 
       ᠰᠠᠷᠠᠭᠤᠯᠬᠠᠨ ᠰᠥᠨᠢ ᠪᠠᠢᠪᠠ᠃ ᠰᠠᠷᠠ ᠠᠯᠭᠤᠷᠬᠠᠨ ᠳᠡᠭᠡᠭᠰᠢᠯᠡᠬᠦ ᠳ᠋ᠦ᠍ ᠲᠡᠭᠦᠨ ᠦ᠌ ᠭᠡᠷᠡᠯ ᠳ᠋ᠦ᠍ ᠪᠣᠭᠣᠨᠢᠬᠠᠨ ᠬᠥᠲᠥᠯ ᠳᠣᠪᠣᠴᠠᠭ ᠤ᠋ᠳ ᠬᠠᠷᠠᠭᠳᠠᠨ᠎ᠠ᠃ ᠰᠥᠨᠢ ᠶ᠋ᠢᠨ ᠨᠠᠮ ᠭᠦᠮ ᠨᠢ ᠨᠠᠮᠠᠶ᠋ᠢ ᠤᠯᠠᠮ ᠤᠨᠲᠠᠵᠤ ᠣᠷᠣᠬᠤ ᠦᠭᠡᠢ ᠪᠣᠯᠭᠠᠪᠠ᠃ ᠪᠢ ᠳᠡᠯᠡᠬᠡᠢ ᠳ᠋ᠠᠬᠢᠨ ᠳ᠋ᠤ᠌ ᠬᠠᠮᠤᠭ ᠤ᠋ᠨ ᠲᠣᠮᠣ ᠬᠠᠭᠠᠨᠲᠤ ᠤᠯᠤᠰ ᠢ᠋ ᠪᠠᠢᠭᠤᠯᠤᠭᠰᠠᠨ ᠴᠢᠩᠭᠢᠰ ᠬᠠᠭᠠᠨ ᠤ᠋ ᠴᠡᠷᠢᠭ ᠠᠩᠭᠢ ᠶ᠋ᠢᠨ ᠲᠤᠬᠠᠢ᠂ ᠲᠡᠭᠦᠨ ᠤ ᠬᠣᠢᠴᠢᠰ ᠪᠣᠯᠬᠤ ᠢᠷᠢᠨᠴᠢᠨ ᠳᠤᠯᠮ᠎ᠠ ᠶ᠋ᠢᠨ ᠲᠤᠬᠠᠢ᠂ ᠵᠢᠴᠢ ᠲᠡᠳᠡᠨ ᠦ᠌ ᠡᠪᠡᠳᠴᠢᠯᠡᠨ ᠦᠬᠦᠵᠦ ᠪᠠᠢᠭ᠎ᠠ ᠲᠡᠮᠡᠭᠡ ᠬᠣᠨᠢᠨ ᠰᠦᠷᠦᠭ ᠲᠦ᠍ ᠬᠠᠪᠰᠤᠷᠤᠮᠵᠢ ᠪᠣᠯᠵᠤ ᠳᠡᠢᠯᠬᠦ ᠦᠭᠡᠢ ᠪᠠᠢᠭ᠎ᠠ ᠲᠤᠬᠠᠢ ᠪᠠᠨ ᠪᠣᠳᠣᠨ ᠬᠡᠪᠲᠡᠪᠡ᠃ ᠬᠠᠮᠤᠭ ᠤ᠋ᠨ ᠰᠡᠭᠦᠯ ᠳ᠋ᠦ᠍ ᠥᠴᠦᠬᠡᠨ ᠴᠦ᠍ ᠳᠠᠷᠤᠭᠠᠰᠤ ᠦᠭᠡᠢ ᠪᠠᠶᠠᠷᠲᠠᠢ ᠪᠠᠷ ᠬᠠᠨᠢᠯᠠᠵᠤ ᠰᠠᠭᠤᠬᠤ ᠴᠡᠷᠢᠭ ᠦ᠋ᠨ ᠳᠠᠷᠤᠭ᠎ᠠ ᠪᠠᠨ ᠬᠦᠯᠢᠶᠡᠵᠦ ᠪᠠᠢᠭ᠎ᠠ ᠰᠠᠨᠳᠠᠮ᠎ᠠ ᠶ᠋ᠢᠨ ᠲᠤᠬᠠᠢ ᠪᠣᠳᠣᠪᠠ᠃ ᠲᠡᠷᠡ ᠴᠦ᠍ ᠤᠳᠠᠯ ᠦᠭᠡᠢ ᠨᠢᠭᠡᠨ ᠴᠢᠷᠮᠠᠢᠯᠲᠠᠲᠠᠢ ᠪᠦᠰᠡᠭᠦᠢ᠂ ᠭᠠᠷᠮᠠᠭᠠᠢ ᠡᠵᠢ ᠪᠣᠯᠵᠤ ᠳᠡᠭᠡᠳᠦᠰ ᠲᠡᠢ ᠪᠡᠨ ᠠᠳᠠᠯᠢᠬᠠᠨ ᠮᠣᠷᠢᠨ ᠳ᠋ᠠᠭᠠᠨ ᠮᠣᠷᠳᠠᠨ ᠠᠳᠠ ᠲᠡᠨᠳᠡ ᠨᠡᠭᠦᠳᠡᠯᠯᠡᠨ᠂ ᠬᠡᠦᠬᠡᠳ ᠢ᠋ᠶ᠋ᠡᠨ ᠥᠰᠬᠡᠨ ᠪᠣᠢᠵᠢᠭᠤᠯᠬᠤ ᠪᠥᠭᠡᠳ ᠳᠤᠯᠮ᠎ᠠ ᠲᠠᠢ ᠠᠳᠠᠯᠢᠬᠠᠨ ᠬᠣᠨᠢᠨ ᠰᠦᠷᠦᠭ ᠮᠠᠯᠵᠢᠬᠤ ᠪᠣᠯᠤᠨ᠎ᠠ᠃ 
       ᠠᠳᠠ ᠬᠦᠷᠦᠭᠡᠳ ᠪᠢ ᠰᠠᠶᠢ ᠨᠣᠢᠷᠮᠤᠭᠯᠠᠨ ᠡᠬᠢᠯᠡᠪᠡ᠃ ᠭᠡᠬᠦ ᠳ᠋ᠦ᠍ ᠳᠡᠮᠡᠢ ᠤᠳᠠᠯ ᠦᠭᠡᠢ ᠨᠣᠬᠠᠢ ᠬᠤᠴᠠᠬᠤ ᠳᠠᠭᠤᠨ ᠳ᠋ᠤ᠌ ᠰᠡᠷᠡᠭᠰᠡᠨ ᠶᠦᠮ᠃ ᠬᠠᠭᠠᠯᠭ᠎ᠠ ᠴᠣᠬᠢᠬᠤ ᠴᠢᠮᠡᠭᠡ ᠭᠠᠷᠴᠤ᠂ ᠦᠦᠷ ᠦ᠋ᠨ ᠰᠤᠪᠤᠷᠠᠭᠰᠠᠨ ᠭᠡᠭᠡ ᠪᠡᠷ ᠱᠠᠯ ᠬᠥᠯᠥᠷᠡᠭᠰᠡᠨ ᠮᠣᠷᠢ ᠬᠥᠲᠥᠯᠦᠭᠰᠡᠨ ᠫᠤᠤ ᠲᠠᠢ ᠬᠣᠶᠠᠷ ᠡᠷ᠎ᠡ ᠣᠷᠣᠵᠤ ᠢᠷᠡᠯ᠎ᠡ᠃ ᠲᠡᠳᠡ ᠶᠡᠬᠡ ᠬᠣᠯᠠ ᠠ᠋ᠴᠠ ᠶᠠᠭᠠᠷᠠᠯᠲᠠᠢ ᠳᠣᠪᠲᠣᠯᠵᠤ ᠢᠷᠡᠭᠰᠡᠨ ᠨᠢ ᠢᠯᠡᠬᠡᠨ ᠪᠠᠢᠵᠤ᠂ ᠢᠷᠢᠨᠴᠢᠨ ᠦ᠌ ᠮᠣᠩᠭᠣᠯ ᠭᠡᠷ ᠲᠦ᠍ ᠣᠷᠣᠭᠠᠳ ᠳᠣᠣᠷ᠎ᠠ ᠳᠠᠭᠤᠨ ᠢ᠋ᠶ᠋ᠠᠷ ᠶᠠᠷᠢᠯᠴᠠᠵᠤ ᠡᠬᠢᠯᠡᠪᠡ᠃ 
       ᠥᠷᠯᠥᠭᠡ ᠪᠣᠯᠵᠤ ᠨᠠᠷᠠ ᠮᠠᠨᠳᠤᠯ᠎ᠠ᠃ ᠥᠷᠯᠥᠭᠡ ᠶ᠋ᠢᠨ ᠨᠠᠷᠠᠨ ᠲᠤᠶᠠᠭᠠᠨ ᠳ᠋ᠤ᠌ ᠳᠣᠪᠣᠴᠠᠭ ᠲᠤᠯᠤᠭᠠᠳ ᠤᠯᠠᠪᠢᠷ ᠥᠩᠭᠡ ᠲᠡᠢ ᠬᠠᠷᠠᠭᠳᠠᠬᠤ ᠠᠵᠢ᠃ ᠪᠢᠳᠡ ᠠᠶᠠᠨ ᠳ᠋ᠠᠭᠠᠨ ᠮᠣᠷᠳᠠᠬᠤ ᠳ᠋ᠤ᠌ ᠪᠡᠯᠡᠨ ᠪᠣᠯᠪᠠ᠃ ᠢᠷᠢᠨᠴᠢᠨ ᠪᠢᠳᠡᠨ ᠢ᠋ ᠠᠬᠢᠭᠠᠳ ᠨᠢᠭᠡ ᠥᠨᠵᠢᠭᠡᠳ ᠶᠠᠪᠤᠭᠠᠴᠢ ᠭᠡᠵᠦ ᠤᠷᠢᠯ᠎ᠠ᠃ ᠡᠨᠡ ᠪᠣᠯ ᠮᠣᠩᠭᠣᠯᠴᠤᠳ ᠤ᠋ᠨ ᠪᠢᠴᠢᠭᠯᠡᠭᠡ ᠦᠭᠡᠢ ᠶᠣᠰᠣ ᠵᠠᠩᠰᠢᠯ ᠶᠤᠮ᠃ ᠪᠢᠳᠡ ᠲᠡᠳᠡᠨ ᠦ᠌ ᠤᠷᠢᠯᠭ᠎ᠠ ᠶ᠋ᠢ ᠲᠠᠲᠠᠭᠠᠯᠵᠠᠪᠠ᠃ ᠲᠠᠯ᠎ᠠ ᠶ᠋ᠢᠨ ᠸᠠᠩ ᠮᠢᠨᠢ ᠬᠠᠮᠤᠭ ᠤ᠋ᠨ ᠰᠠᠢᠬᠠᠨ ᠬᠤᠪᠴᠠᠰᠤ ᠪᠠᠨ ᠡᠮᠦᠰᠴᠡᠢ᠃ ᠡᠯᠪᠡᠭᠬᠡᠨ ᠲᠣᠷᠭᠠᠨ ᠲᠡᠷᠯᠢᠭ ᠦ᠋ᠨ ᠭᠠᠳᠠᠭᠤᠷ ᠦᠨᠡᠲᠡᠢ ᠪᠤᠯᠠᠭᠠᠨ ᠳᠠᠬᠤ ᠡᠮᠦᠰᠴᠡᠢ᠃ 
       - ᠲᠠ ᠨᠠᠷ ᠡᠮᠦᠨᠡᠰᠢ ᠪᠡᠨ ᠶᠠᠪᠤᠪᠠᠯ ᠵᠦᠭᠡᠷ ᠪᠠᠢᠬ᠎ᠠ᠃ ᠳᠡᠭᠡᠷᠡᠮᠴᠢᠳ ᠵᠡᠭᠦᠨᠲᠡᠢ ᠡᠴᠡ ᠨᠠᠭᠠᠰᠢᠯᠠᠵᠤ ᠪᠣᠢ᠃ ᠪᠠᠷᠤᠭ ᠦᠳᠡᠰᠢ ᠶ᠋ᠢᠨ ᠦᠶᠡᠰ ᠢ᠋ᠶ᠋ᠡᠷ ᠲᠡᠮᠡᠭᠡᠨ ᠵᠢᠩ ᠦ᠋ᠨ ᠵᠠᠮ ᠳ᠋ᠤ᠌ ᠬᠦᠷᠬᠦ ᠪᠣᠯᠤᠨ᠎ᠠ ᠭᠡᠵᠦ ᠢᠷᠢᠨᠴᠢᠨ ᠶᠠᠷᠢᠯ᠎ᠠ᠃ 
       -  ᠲᠡᠷᠡ ᠦᠶ᠎ᠡ ᠳ᠋ᠦ᠍ ᠪᠢᠳᠡ ᠬᠡᠵᠢᠶᠡᠨ ᠤ ᠬᠥᠬᠡ ᠡᠷᠭᠢ ᠳ᠋ᠦ᠍ ᠬᠦᠷᠦᠭᠰᠡᠨ ᠪᠠᠢᠬᠤ ᠪᠣᠯᠤᠨ᠎ᠠ ᠭᠡᠵᠦ ᠥᠪᠧᠷᠬᠧ ᠬᠠᠷᠢᠭᠤᠯᠤᠭᠠᠳ ᠬᠡᠳᠦᠢ ᠣᠯᠠᠨ ᠬᠥᠮᠦᠨ ᠪᠠᠢᠭ᠎ᠠ ᠪᠣᠢ?  ᠭᠡᠵᠦ ᠪᠤᠴᠠᠭᠤᠯᠤᠨ ᠠᠰᠠᠭᠤᠪᠠ᠃ 
       -  ᠮᠠᠨ ᠤ᠋ ᠬᠥᠮᠦᠨ ᠤ ᠬᠡᠯᠡᠬᠦ ᠪᠡᠷ ᠬᠣᠶᠠᠷ ᠵᠠᠭᠤᠭᠠᠳ ᠮᠣᠷᠢᠲᠠᠳ ᠪᠠᠢᠨ᠎ᠠ ᠭᠡᠵᠦ ᠪᠠᠢᠨ᠎ᠠ᠃ ᠲᠡᠭᠦᠨ ᠡᠴᠡ ᠣᠯᠠᠨ ᠴᠤ᠌ ᠪᠠᠢᠵᠤ ᠮᠡᠳᠡᠨ᠎ᠡ ᠰᠢᠦ᠃ ᠲᠡᠭᠷᠢ ᠪᠢᠳᠡᠨ ᠳ᠋ᠦ᠍ ᠭᠠᠢ ᠵᠣᠪᠠᠯᠠᠩ ᠪᠠᠭᠤᠯᠭᠠᠵᠤ ᠯᠠ ᠪᠠᠢᠬᠤ ᠴᠢᠷᠠᠢ ! ᠲᠡᠭᠡᠭᠡᠳ ᠪᠢ ᠴᠦ᠍ ᠬᠥᠭᠰᠢᠷᠡᠯ᠎ᠡ ᠰᠢᠦ ᠳᠡ ᠭᠡᠯ᠎ᠡ᠃ 
       ᠳᠤᠯᠮ᠎ᠠ ᠮᠣᠩᠭᠣᠯ ᠭᠡᠷ ᠡᠴᠡ ᠭᠠᠷᠴᠤ ᠢᠷᠡᠪᠡ᠃ ᠲᠡᠷᠡ ᠴᠦ᠍ ᠲᠡᠭᠦᠨ ᠦ᠌ ᠬᠠᠮᠤᠭ ᠤ᠋ᠨ ᠰᠠᠢᠬᠠᠨ ᠵᠠᠰᠠᠯ ᠳᠠᠷᠤᠭᠤᠯᠭ᠎ᠠ ᠪᠠᠨ ᠵᠡᠭᠦᠵᠦ᠂ ᠭᠣᠶᠣᠬᠠᠨ ᠬᠤᠪᠴᠠᠰᠤᠯᠠᠵᠠᠢ᠃ ᠳᠠᠷᠤᠭᠤᠯᠭ᠎ᠠ ᠵᠠᠰᠠᠯ ᠨᠢ ᠴᠣᠯ ᠠᠯᠲᠠ ᠪᠠᠢᠭᠰᠠᠨ ᠪᠥᠭᠡᠳ ᠤᠷᠲᠤ ᠰᠢᠪᠠᠭ ᠨᠢ ᠠᠯᠬᠤᠳᠠᠯ ᠢ᠋ ᠳ᠋ᠡᠭᠡᠨ ᠦᠯᠦ ᠮᠡᠳᠡᠭᠳᠡᠮ᠎ᠡ ᠳᠤᠤᠭᠠᠷᠬᠤ ᠠᠵᠢ᠃ ᠲᠡᠷᠡ ᠴᠦ᠍ ᠡᠷ᠎ᠡ ᠶ᠋ᠢᠨ ᠢ᠋ᠶ᠋ᠡᠨ ᠬᠠᠮᠤᠭ ᠤ᠋ᠨ ᠰᠡᠭᠦᠯᠴᠢ ᠶ᠋ᠢᠨ ᠦᠭᠡ ᠶ᠋ᠢ ᠰᠣᠨᠣᠰᠤᠭᠰᠠᠨ ᠲᠤᠯᠠ : 
       - ᠴᠢ ᠵᠠᠯᠠᠭᠤ ᠮᠥᠷᠲᠡᠭᠡᠨ ᠴᠢᠳᠠᠯᠲᠠᠢ ᠪᠠᠢᠭᠰᠠᠭᠠᠷ ! ᠪᠢᠳᠡ ᠡᠨᠡ ᠡᠪᠦᠯ ᠢ᠋ ᠲᠤᠭᠤᠯᠵᠤ ᠬᠠᠪᠤᠷ ᠢ᠋ᠶ᠋ᠠᠷ ᠲᠠᠯ᠎ᠠ ᠳ᠋ᠤ᠌ ᠪᠠᠭᠤᠨ᠎ᠠ᠃ ᠡᠭᠦᠨ ᠢ᠋ ᠬᠡᠨ ᠴᠦ᠍ ᠪᠢᠳᠡᠨ ᠡᠴᠡ ᠪᠤᠯᠢᠶᠠᠨ ᠠᠪᠴᠤ ᠴᠢᠳᠠᠬᠤ ᠦᠭᠡᠢ ᠳᠡ ᠭᠡᠯ᠎ᠡ᠃ 
       - ᠲᠡᠢᠮᠦ ᠳᠡ ! ᠭᠡᠵᠦ ᠢᠷᠢᠨᠴᠢᠨ ᠬᠠᠳᠠᠭᠠᠨᠠᠲᠠᠯ᠎ᠠ ᠢᠨᠢᠶᠡᠭᠡᠳ᠂ ᠬᠡᠷᠪᠡ ᠴᠠᠭ ᠰᠠᠢᠵᠢᠷᠠᠬᠤ ᠦᠭᠡᠢ ᠶᠦᠮ ᠪᠣᠯ ᠪᠢ ᠳᠠᠬᠢᠭᠠᠳ ᠯᠠ ᠮᠣᠷᠢᠨ ᠨᠢᠷᠤᠭᠤᠨ ᠳᠡᠭᠡᠷ᠎ᠡ ᠪᠡᠨ ᠭᠠᠷᠴᠤ ᠤᠤᠯ ᠤ᠋ᠨ ᠬᠢ ᠲᠡᠢ ᠪᠡᠨ ᠠᠳᠠᠯᠢᠬᠠᠨ ᠳᠡᠭᠡᠷᠡᠮᠴᠢᠨ ᠪᠣᠯᠤᠨ᠎ᠠ ᠭᠡᠰᠡᠨ ᠳ᠋ᠦ᠍᠂ 
       -  ᠲᠡᠷᠡ ᠪᠣᠯᠲᠠᠯ᠎ᠠ ᠵᠥᠩᠳᠡᠭᠡᠨ ᠴᠠᠭ ᠪᠣᠢ ᠯᠠ ᠳᠠ ᠭᠡᠵᠦ ᠳᠤᠯᠮ᠎ᠠ ᠬᠠᠷᠢᠭᠤᠯᠤᠭᠠᠳ ᠪᠢᠳᠡᠨ ᠢ᠋ ᠥᠷᠯᠥᠭᠡ ᠶ᠋ᠢᠨ ᠴᠠᠢ ᠳ᠋ᠤ᠌ ᠤᠷᠢᠯ᠎ᠠ᠃ ᠲᠡᠷᠡ ᠲᠣᠭᠲᠠᠭᠤᠬᠠᠨ ᠬᠣᠭᠣᠯᠠᠢ ᠲᠠᠢ ᠠᠯᠭᠤᠷᠬᠠᠨ ᠳᠠᠭᠤ ᠪᠠᠷ ᠵᠠᠷᠤᠴᠠ ᠨᠠᠷ ᠲᠠᠭᠠᠨ ᠵᠠᠷᠯᠢᠭ ᠵᠠᠬᠢᠶ᠎ᠠ ᠪᠠᠨ ᠶᠠᠷᠢᠵᠤ ᠪᠠᠢᠪᠠ᠃ ᠪᠢᠳᠡᠨ ᠢ᠋ ᠠᠶᠠᠨ ᠳ᠋ᠤ᠌ ᠪᠡᠯᠡᠨ ᠪᠣᠯᠬᠤ ᠳ᠋ᠤ᠌ ᠮᠣᠩᠭᠣᠯ ᠭᠡᠷ ᠦ᠋ᠨ ᠡᠭᠦᠳᠡᠨ ᠳ᠋ᠦ᠍ ᠬᠣᠶᠠᠷ ᠡᠮᠡᠭᠡᠯ ᠲᠡᠢ ᠮᠣᠷᠢ ᠵᠣᠭᠰᠣᠵᠤ ᠪᠠᠢᠭᠰᠠᠨ ᠨᠢ ᠳᠤᠯᠮ᠎ᠠ ᠢᠷᠢᠨᠴᠢᠨ ᠬᠣᠶᠠᠭᠤᠯᠠ ᠰᠦᠷᠦᠭ ᠢ᠋ᠶ᠋ᠡᠨ ᠡᠷᠭᠢᠨ ᠦᠵᠡᠬᠦ ᠭᠡᠵᠦ ᠪᠠᠢᠭ᠎ᠠ ᠠᠵᠢ᠃ ᠢᠷᠢᠨᠴᠢᠨ ᠪᠢᠳᠡᠨ ᠢ᠋ ᠬᠠᠭᠠᠯᠭᠠᠨ ᠤ᠋ ᠭᠠᠳᠠᠨ᠎ᠠ ᠭᠠᠷᠲᠠᠯ᠎ᠠ ᠬᠦᠷᠭᠡᠪᠡ᠃ 
       - ᠲᠠ ᠨᠠᠷ ᠵᠤᠨ ᠤ᠋ ᠰᠠᠢᠬᠠᠨ ᠴᠠᠭ ᠲᠤ᠌ ᠨᠠᠭᠠᠳᠤᠮ ᠢ᠋ᠶ᠋ᠠᠷ ᠠᠬᠢᠭᠠᠳ ᠬᠦᠷᠦᠭᠡᠳ ᠢᠷᠡᠭᠡᠷᠡᠢ ! ᠡᠪᠦᠯ ᠪᠣᠯ ᠪᠦᠲᠦᠨ ᠵᠢᠯ ᠳ᠋ᠡᠬᠢ ᠬᠠᠮᠤᠭ ᠤ᠋ᠨ ᠬᠠᠲᠠᠭᠤ ᠴᠠᠭ ᠪᠠᠢᠭ᠎ᠠ ᠶᠤᠮ ᠭᠡᠳ ᠪᠢᠳᠡᠨ ᠢ᠋ ᠦᠳᠡᠨ ᠮᠣᠷᠳᠠᠭᠤᠯᠪᠠ᠃
       ᠮᠠᠰᠢᠨ ᠤ᠋ ᠬᠠᠵᠠᠭᠤ ᠳ᠋ᠤ᠌ ᠫᠤᠤ ᠲᠠᠢ ᠬᠣᠶᠠᠷ ᠮᠣᠩᠭᠣᠯ ᠵᠣᠭᠰᠣᠵᠤ ᠪᠠᠢᠪᠠ᠃ ᠢᠷᠢᠨᠴᠢᠨ ᠪᠢᠳᠡᠨ ᠢ᠋ ᠠᠶᠠᠨ ᠵᠠᠮ ᠳ᠋ᠠᠭᠠᠨ ᠰᠠᠭᠠᠳ ᠬᠠᠷᠰᠢ ᠦᠭᠡᠢ ᠠᠶᠠᠯᠠᠭᠤᠯᠬᠤ ᠵᠣᠷᠢᠯᠭ᠎ᠠ ᠪᠠᠷ ᠲᠡᠳᠡᠨ ᠢ᠋ ᠲᠣᠮᠢᠯᠠᠨ ᠪᠢᠳᠡᠨ ᠳ᠋ᠦ᠍ ᠵᠠᠮ ᠵᠢᠭᠠᠯᠭᠠᠵᠤ ᠥᠭᠬᠦ ᠠᠵᠢ᠃ ᠤᠴᠢᠷ ᠨᠢ ᠡᠨᠡ ᠦᠶ᠎ᠡ ᠳ᠋ᠦ᠍ ᠲᠡᠮᠡᠭᠡᠨ ᠵᠢᠩ ᠦ᠋ᠨ ᠵᠠᠮ ᠳᠠᠭᠠᠤ ᠳᠡᠭᠡᠷᠡᠮᠴᠢᠳ ᠦ᠋ᠨ ᠲᠦᠭᠰᠢᠭᠦᠷᠢᠲᠡᠢ ᠴᠢᠮᠡᠭᠡ ᠪᠦᠷ ᠬᠦᠷᠦᠭᠰᠡᠨ ᠪᠥᠭᠡᠳ ᠳᠡᠭᠡᠷᠡᠮᠴᠢᠳ ᠲᠡᠢ ᠲᠡᠮᠡᠴᠡᠬᠦ ᠵᠠᠷᠯᠠᠯ ᠨᠢᠭᠡᠨᠲᠡ ᠲᠠᠷᠬᠠᠭᠰᠠᠨ ᠪᠠᠢᠵᠠᠢ᠃