ᠠᠷᠤ ᠬᠣᠷᠴᠢᠨ ᠰᠠᠢᠬᠠᠨ ᠭᠠᠵᠠᠷ - ᠪᠠᠶᠠᠨ᠌ᠦ᠌ᠨ᠌ᠳ᠋ᠦ᠋ᠷ ᠰᠤᠮᠤ ᠶ᠋ᠢᠨ ᠲᠡᠮᠦᠷ ᠬᠡᠦᠬᠡᠨᠴᠦᠳАр хорчин сайхан газар-Баянөндөр сумын дамар хүүхэнцд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠤ ᠬᠣᠷᠴᠢᠨ ᠰᠠᠢᠬᠠᠨ ᠭᠠᠵᠠᠷ - ᠪᠠᠶᠠᠨ᠌ᠦ᠌ᠨ᠌ᠳ᠋ᠦ᠋ᠷ ᠰᠤᠮᠤ ᠶ᠋ᠢᠨ ᠲᠡᠮᠦᠷ ᠬᠡᠦᠬᠡᠨᠴᠦᠳАр хорчин сайхан газар-Баянөндөр сумын дамар хүүхэнцд

ᠠᠷᠤ ᠬᠣᠷᠴᠢᠨ ᠰᠠᠢᠬᠠᠨ ᠭᠠᠵᠠᠷ - ᠪᠠᠶᠠᠨ᠌ᠦ᠌ᠨ᠌ᠳ᠋ᠦ᠋ᠷ ᠰᠤᠮᠤ ᠶ᠋ᠢᠨ ᠲᠡᠮᠦᠷ ᠬᠡᠦᠬᠡᠨᠴᠦᠳАр хорчин сайхан газар-Баянөндөр сумын дамар хүүхэнцд

ᠠᠩᠭᠢᠯᠠᠯ:ᠳᠠᠭᠤᠤ ᠬᠥᠭᠵᠢᠮ
2024-07-12

655

ᠠᠷᠤ ᠬᠣᠷᠴᠢᠨ ᠰᠠᠢᠬᠠᠨ ᠭᠠᠵᠠᠷ

   ᠦᠭᠡ᠄ ᠪᠠᠯᠵᠣᠣᠷ 
   ᠠᠶ᠎ᠠ᠄ ᠳ᠋ᠠᠮᠪᠠ 
   ᠳᠠᠭᠤᠤ᠄ ᠪᠠᠶᠠᠨ᠌ᠦ᠌ᠨ᠌ᠳ᠋ᠦ᠋ᠷ ᠰᠤᠮᠤ ᠶ᠋ᠢᠨ ᠲᠡᠮᠦᠷ ᠬᠡᠦᠬᠡᠨᠴᠦᠳ 

ᠠᠪᠤ ᠶ᠋ᠢᠨ ᠳᠦᠷᠢ ᠪᠡᠷ ᠰᠡᠬᠦᠢᠨ ᠰᠦᠨᠳᠡᠷᠯᠡᠭᠰᠡᠨ 
ᠠᠰᠬ᠎ᠠ ᠥᠨᠳᠥᠷ ᠠᠭᠤᠯᠠ ᠬᠠᠢᠷᠬᠠᠨ ᠲᠠᠢ 
ᠡᠵᠢ ᠶ᠋ᠢᠨ ᠰᠦ ᠰᠢᠭ ᠠᠷᠢᠭᠤᠬᠠᠨ ᠮᠡᠯᠮᠡᠷᠡᠭᠰᠡᠨ 
ᠬᠠᠬᠢᠷ ᠭᠣᠣᠯ ᠤ᠋ᠨ ᠵᠥᠭᠡᠯᠡᠨ ᠤᠷᠤᠰᠬᠠᠯ ᠲᠠᠢ 

ᠮᠥᠩᠬᠡ ᠲᠩᠷᠢ ᠶ᠋ᠢ ᠲᠣᠯᠢᠳᠠᠨ ᠮᠦᠰᠢᠶᠡᠭᠰᠡᠨ 
ᠮᠥᠩᠭᠥᠨ ᠳᠣᠯᠭᠢᠶᠠᠨᠲᠤ ᠬᠣᠨᠳᠣ ᠶ᠋ᠢᠨ ᠨᠠᠭᠤᠷ ᠲᠠᠢ 
ᠡᠵᠢ ᠠᠪᠤ ᠶ᠋ᠢᠨ ᠨᠤᠲᠤᠭᠰᠢᠨ ᠰᠠᠭᠤᠭᠰᠠᠨ 
ᠮᠢᠩᠭᠠᠨ ᠭᠠᠵᠠᠷ ᠤ᠋ᠨ ᠠᠯᠲᠠᠢ ᠶ᠋ᠢᠨ ᠮᠠᠩᠬ᠎ᠠ ᠲᠠᠢ

ᠡᠨᠡ ᠪᠣᠯ ᠮᠢᠨᠦ ᠲᠥᠷᠥᠭᠰᠡᠨ ᠨᠤᠲᠤᠭ
ᠠᠷᠤ ᠬᠣᠷᠴᠢᠨ ᠮᠢᠨᠢ ᠰᠠᠢᠬᠠᠨ ᠭᠠᠵᠠᠷ
ᠡᠨᠡ ᠪᠣᠯ ᠮᠢᠨᠦ ᠤᠨᠠᠭᠰᠠᠨ ᠰᠢᠷᠣᠢ
ᠠᠷᠤ ᠬᠣᠷᠴᠢᠨ ᠮᠢᠨᠢ ᠰᠠᠢᠬᠠᠨ ᠭᠠᠵᠠᠷ

ᠠᠯᠲᠠᠨ ᠲᠡᠦᠬᠡ ᠶ᠋ᠢᠨ ᠮᠥᠷ ᠢ᠋ ᠲᠠᠮᠠᠭᠠᠯᠠᠭᠰᠠᠨ
ᠠᠪᠠᠭ᠎ᠠ ᠬᠠᠷ᠎ᠠ᠂ ᠴᠠᠭᠠᠨ ᠬᠣᠲᠠ ᠲᠠᠢ
ᠡᠬᠡ ᠰᠣᠶᠣᠯ ᠤ᠋ᠨ ᠬᠡᠢᠮᠣᠷᠢ ᠶ᠋ᠢ ᠡᠷᠭᠦᠭᠰᠡᠨ
ᠡᠩᠬᠡ ᠶ᠋ᠢᠨ ᠰᠢᠲᠦᠭᠡᠨᠲᠦ ᠬᠠᠰᠠᠷ ᠣᠪᠣᠭ᠎ᠠ ᠲᠠᠢ

ᠡᠨᠡ ᠪᠣᠯ ᠮᠢᠨᠦ ᠲᠥᠷᠥᠭᠰᠡᠨ ᠨᠤᠲᠤᠭ
ᠠᠷᠤ ᠬᠣᠷᠴᠢᠨ ᠮᠢᠨᠢ ᠰᠠᠢᠬᠠᠨ ᠭᠠᠵᠠᠷ
ᠡᠨᠡ ᠪᠣᠯ ᠮᠢᠨᠦ ᠤᠨᠠᠭᠰᠠᠨ ᠰᠢᠷᠣᠢ
ᠠᠷᠤ ᠬᠣᠷᠴᠢᠨ ᠮᠢᠨᠢ ᠰᠠᠢᠬᠠᠨ ᠭᠠᠵᠠᠷ

ᠠᠯᠲᠠᠨ ᠲᠡᠦᠬᠡ ᠶ᠋ᠢᠨ ᠮᠥᠷ ᠢ᠋ ᠲᠠᠮᠠᠭᠠᠯᠠᠭᠰᠠᠨ
ᠠᠪᠠᠭ᠎ᠠ ᠬᠠᠷ᠎ᠠ᠂ ᠴᠠᠭᠠᠨ ᠬᠣᠲᠠ ᠲᠠᠢ
ᠡᠬᠡ ᠰᠣᠶᠣᠯ ᠤ᠋ᠨ ᠬᠡᠢᠮᠣᠷᠢ ᠶ᠋ᠢ ᠡᠷᠭᠦᠭᠰᠡᠨ
ᠡᠩᠬᠡ ᠶ᠋ᠢᠨ ᠰᠢᠲᠦᠭᠡᠨᠲᠦ ᠬᠠᠰᠠᠷ ᠣᠪᠣᠭ᠎ᠠ ᠲᠠᠢ

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
                    2024.7.2