ᠤᠶᠠᠩᠭ᠎ᠠ ᠲᠠᠢ ᠨᠠᠭᠠᠳᠤᠮ-ᠬᠡᠰᠢᠭᠵᠢᠷᠭᠠᠯHishigjargal - Uyangatai naadam _ Хишигжаргал - Уянгатай наадам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠶᠠᠩᠭ᠎ᠠ ᠲᠠᠢ ᠨᠠᠭᠠᠳᠤᠮ-ᠬᠡᠰᠢᠭᠵᠢᠷᠭᠠᠯHishigjargal - Uyangatai naadam _ Хишигжаргал - Уянгатай наадам

ᠤᠶᠠᠩᠭ᠎ᠠ ᠲᠠᠢ ᠨᠠᠭᠠᠳᠤᠮ-ᠬᠡᠰᠢᠭᠵᠢᠷᠭᠠᠯHishigjargal - Uyangatai naadam _ Хишигжаргал - Уянгатай наадам

ᠠᠩᠭᠢᠯᠠᠯ:ᠳᠠᠭᠤᠤ ᠬᠥᠭᠵᠢᠮ
2024-07-11

938

ᠤᠶᠠᠩᠭ᠎ᠠ ᠲᠠᠢ ᠨᠠᠭᠠᠳᠤᠮ

   ᠦᠭᠡ ᠠᠶ᠎ᠠ᠄ ᠲᠠᠩᠬᠠᠢ ᠢᠷᠦᠭᠡᠯᠴᠢ ᠰᠦᠬᠡ  
   ᠳᠠᠭᠤᠴᠢᠨ᠄ ᠪ᠊᠂ ᠬᠡᠰᠢᠬᠵᠢᠷᠭᠠᠯ 

ᠭᠢᠩᠭᠤᠤ ᠶ᠋ᠢᠨ ᠳᠠᠭᠤᠨ ᠢ᠋ᠶ᠋ᠠᠷ ᠭᠡᠭᠡᠯᠵᠡᠭᠡᠳ ᠯᠡ 
ᠭᠡᠷ ᠲᠡᠭᠡᠨ ᠲᠣᠭᠲᠠᠬᠤ ᠦᠭᠡᠢ ᠰᠡᠪᠢᠯᠵᠡᠭᠡᠳ ᠯᠡ 
ᠠᠰᠤᠷᠤ ᠶ᠋ᠢᠨ ᠡᠮᠦᠨ᠎ᠡ ᠣᠴᠢᠭᠠᠳ ᠯᠠ ᠳᠠᠭᠤᠯᠠᠮᠠᠷ 
ᠠᠢᠷᠠᠭ ᠵᠠᠯᠭᠢᠵᠤ ᠬᠣᠷᠭᠣᠳᠠᠮᠠᠷ  
ᠨᠠᠰᠤ ᠨᠠᠰᠤᠨ ᠤ᠋ ᠮᠣᠷᠢᠳ ᠨᠢ ᠤᠶᠠᠭᠠᠨ ᠳᠡᠭᠡᠷ᠎ᠡ  
ᠨᠠᠷᠠ ᠵᠥᠪ ᠡᠷᠭᠢᠵᠦ ᠵᠡᠬᠡᠭ ᠢ᠋ᠶ᠋ᠡᠨ ᠲᠠᠲᠠᠭᠠᠳ 
ᠨᠠᠭᠠᠳᠤᠮ ᠣᠢᠷᠠᠲᠤᠭᠠᠳ ᠰᠡᠳᠬᠢᠯ ᠶᠠᠭᠠᠷᠠᠭᠠᠳ ᠪᠠᠢᠨ᠎ᠠ ᠳᠠ 
ᠤᠶᠠᠩᠭ᠎ᠠ ᠲᠠᠢ ᠨᠠᠢᠷ ᠨᠢ ᠪᠠᠢᠨ᠎ᠠ
ᠤᠤᠬᠠᠢ ᠲᠠᠢ ᠨᠠᠭᠠᠳᠤᠮ ᠪᠠᠢᠨ᠎ᠠ
ᠳᠤᠷᠳᠤᠩ ᠬᠡ ᠲᠡᠢ ᠲᠣᠷᠭ᠎ᠠ ᠨᠢ ᠪᠠᠢᠨ᠎ᠠ
ᠳᠤᠭᠤᠷ᠎ᠠ ᠡᠷᠭᠢᠭᠰᠡᠨ ᠴᠢᠮᠡᠭ ᠨᠢ ᠪᠠᠢᠨ᠎ᠠ

ᠢᠳᠡᠷ ᠵᠠᠯᠠᠭᠤ ᠪᠥᠬᠡᠴᠦᠳ ᠳᠡᠪᠢᠭᠡᠳ
ᠢᠳᠡ ᠬᠠᠪᠤ ᠪᠠᠨ ᠭᠠᠢᠬᠠᠭᠤᠯᠤᠭᠠᠳ
ᠬᠥᠯ ᠨᠣᠭᠣᠭᠠᠨ ᠳᠡᠨᠵᠢ ᠳᠡᠭᠡᠷ᠎ᠡ ᠪᠡᠨ
ᠬᠤᠷᠳᠤᠨ ᠮᠣᠷᠢᠳ ᠨᠢ ᠣᠷᠣᠯᠳᠣᠭᠠᠳ
ᠠᠭᠠᠷ ᠲᠤ᠌ ᠳᠡᠭᠦᠯᠢᠬᠦ ᠰᠤᠮᠤ ᠨᠢ ᠢᠰᠬᠡᠷᠦᠭᠡᠳ
ᠠᠯᠳᠠᠯ ᠦᠭᠡᠢ ᠤᠨᠤᠵᠤ ᠤᠤᠬᠠᠢ ᠬᠠᠲᠠᠭᠠᠵᠤ
ᠳᠡᠯᠭᠡᠷ ᠨᠠᠭᠠᠳᠤᠮ ᠳᠡᠩᠳᠡᠭᠦᠦ ᠲᠠᠩᠰᠤᠭ ᠪᠠᠢᠨ᠎ᠠ ᠳᠠ
ᠤᠶᠠᠩᠭ᠎ᠠ ᠲᠠᠢ ᠨᠠᠢᠷ ᠨᠢ ᠪᠠᠢᠨ᠎ᠠ
ᠤᠤᠬᠠᠢ ᠲᠠᠢ ᠨᠠᠭᠠᠳᠤᠮ ᠪᠠᠢᠨ᠎ᠠ
ᠳᠤᠷᠳᠤᠩ ᠬᠡ ᠲᠡᠢ ᠲᠣᠷᠭ᠎ᠠ ᠨᠢ ᠪᠠᠢᠨ᠎ᠠ
ᠲᠣᠭᠣᠷ᠎ᠠ ᠡᠷᠭᠢᠭᠰᠡᠨ ᠴᠢᠮᠡᠭ ᠨᠢ ᠪᠠᠢᠨ᠎ᠠ

ᠦᠢᠯᠡ ᠪᠦᠰᠡ ᠪᠡᠷ ᠭᠠᠢᠬᠠᠭᠤᠯᠵᠤ ᠭᠤᠶᠤᠭᠰᠠᠨ
ᠳᠡᠭᠵᠢᠨ ᠬᠠᠷᠠᠬᠦᠦ ᠨᠠᠭᠠᠳᠤᠮ ᠢ᠋ ᠴᠢᠮᠡᠭᠡᠳ
ᠬᠠᠷᠠᠴᠠ ᠲᠤᠯᠤᠭᠠᠳ ᠬᠠᠯᠠᠭᠤ ᠲᠥᠭᠡᠨᠡᠭᠡᠳ
ᠬᠠᠵᠠᠭᠤ ᠠ᠋ᠴᠠ ᠨᠢ ᠬᠣᠯᠠᠳᠠᠮᠠᠷ ᠦᠭᠡᠢ
ᠲᠦᠷᠦᠭᠦᠯᠡᠵᠦ ᠠᠢᠷᠠᠭᠳᠠᠭᠰᠠᠨ ᠮᠣᠷᠢᠳ ᠤ᠋ᠨ ᠤᠶᠠᠭᠠᠨ ᠳᠡᠭᠡᠷ᠎ᠡ
ᠲᠦᠮᠡᠨ ᠦ᠌ ᠬᠠᠷᠠᠴᠠ ᠶ᠋ᠢ ᠲᠣᠭᠲᠠᠭᠠᠮᠠᠷ
ᠵᠢᠯ ᠵᠢᠯ ᠦ᠋ᠨ ᠨᠠᠭᠠᠳᠤᠮ ᠠ᠋ᠴᠠ ᠵᠢᠭᠲᠡᠢᠬᠡᠨ ᠶᠠᠭᠠᠷᠠᠭᠠᠳ ᠪᠠᠢᠨ᠎ᠠ ᠳᠠ
ᠤᠶᠠᠩᠭ᠎ᠠ ᠲᠠᠢ ᠨᠠᠢᠷ ᠨᠢ ᠪᠠᠢᠨ᠎ᠠ
ᠤᠤᠬᠠᠢ ᠲᠠᠢ ᠨᠠᠭᠠᠳᠤᠮ ᠪᠠᠢᠨ᠎ᠠ
ᠳᠤᠷᠳᠤᠩ ᠬᠡ ᠲᠡᠢ ᠲᠣᠷᠭ᠎ᠠ ᠨᠢ ᠪᠠᠢᠨ᠎ᠠ
ᠲᠣᠭᠣᠷ᠎ᠠ ᠡᠷᠭᠢᠭᠰᠡᠨ ᠴᠢᠮᠡᠭ ᠨᠢ ᠪᠠᠢᠨ᠎ᠠ
ᠲᠣᠭᠣᠷ᠎ᠠ ᠡᠷᠭᠢᠭᠰᠡᠨ ᠴᠢᠮᠡᠭ ᠨᠢ ᠪᠠᠢᠨ᠎ᠠ
    ᠦᠰᠦᠭ ᠠᠮᠢᠯᠠᠭᠤᠯᠵᠤ ᠬᠠᠲᠠᠭᠰᠠᠨ ᠨᠢ ᠄ ᠬᠣᠣᠰᠪᠠᠶᠠᠷ 
    ᠬᠢᠨᠠᠭᠴᠢ᠄ ᠪᠣᠣ ᠰᠠᠷᠠᠨ᠎ᠠ